ᠮᠣᠩᠭᠣᠯ ᠶᠦᠨᠢᠺᠥᠳ᠋ ᠦᠨ ᠰᠢᠭᠦᠮᠵᠢ

᠒᠐᠑᠖ ᠣᠨ ᠳᠤ UNICODE-in ᠶᠢᠰᠦᠳᠦᠭᠡᠷ ᠬᠤᠪᠢᠯᠪᠤᠷᠢ ᠶᠢ ᠳᠠᠭᠠᠵᠤ ᠮᠣᠩᠭᠣᠯ ᠪᠢᠴᠢᠭ ᠦᠨ UNICODE-in ᠰᠢᠨ᠎ᠡ ᠬᠤᠪᠢᠯᠪᠤᠷᠢ ᠨᠡᠢᠲᠡᠯᠡᠭᠳᠡᠪᠡ︵2016.06.21︶᠃ ᠹᠣᠨᠲ︵font ᠭᠡᠵᠦ ᠺᠣᠮᠫᠢᠦ᠋ᠲᠧᠷ ᠲᠦ ᠬᠡᠷᠡᠭᠯᠡᠳᠡᠭ ᠦᠰᠦᠭ ᠦᠨ ᠲᠢᠭ︶ ᠬᠢᠬᠦ ᠶᠢᠨ ᠲᠥᠯᠦᠭᠡ ᠠᠪᠢᠶ᠎ᠠ ᠳᠠᠷᠠᠭᠠᠯᠠᠨ᠂ ᠵᠤᠷᠪᠤᠰ ᠵᠤᠷᠪᠤᠰ ᠢᠶᠠᠷ ᠰᠢᠨᠵᠢᠵᠦ ᠦᠵᠡᠯ᠎ᠡ᠃ ᠮᠠᠭᠲᠠᠪᠤᠰᠢ ᠲᠠᠢ ᠵᠦᠢᠯ ᠴᠤ ᠪᠠᠢᠨ᠎ᠠ᠃ ᠰᠢᠭᠦᠮᠵᠢᠯᠡᠬᠦ ᠴᠢᠬᠤᠯᠠ ᠵᠦᠢᠯᠡᠰ ᠴᠤ ᠪᠠᠭ᠎ᠠ ᠪᠤᠰᠤ ᠪᠠᠢᠨ᠎ᠠ᠃ ᠡᠨᠳᠡ ᠪᠢ ᠲᠡᠮᠳᠡᠭᠯᠡᠯ ᠪᠣᠯᠭᠠᠨ ᠣᠯᠵᠤ ᠬᠠᠷᠠᠭᠰᠠᠨ ᠵᠦᠢᠯᠡᠰ ᠢ ᠪᠢᠴᠢᠵᠦ᠂ ᠨᠠᠳᠠ ᠲᠠᠢ ᠠᠲᠠᠯᠢ ᠮᠣᠩᠭᠣᠯ ᠪᠢᠴᠢᠭ ᠦᠨ UNICODE-d ᠠᠩᠬᠠᠷᠤᠯ ᠢᠶᠠᠨ ᠲᠠᠯᠪᠢᠵᠤ ᠪᠠᠢᠭ᠎ᠠ ᠬᠦᠮᠦᠰ ᠲᠠᠢ ᠬᠤᠪᠢᠶᠠᠯᠴᠠᠶ᠎ᠠ᠃

ᠨᠢᠭᠡ᠂ ᠺᠣᠳ᠋ ᠭᠡᠵᠦ ᠶᠠᠭᠤ ᠪᠤᠢ︖ UNICODE ︵ᠶᠦᠨᠢᠺᠥᠳ᠋︶ ᠭᠡᠵᠦ ᠶᠠᠭᠤ ᠪᠤᠢ︖

ᠪᠢᠳᠡᠨ ᠦ ᠭᠡᠷ ᠲᠡᠭᠡᠨ ᠭᠡᠷᠡᠯ︵ᠳ᠋ᠧᠩ︶ ᠠᠰᠠᠭᠠᠳᠠᠭ᠃ ᠰᠡᠯᠭᠦᠭᠦᠷ ᠢᠶᠡᠷ ᠳᠡᠮᠵᠢᠵᠦ ᠪᠢᠳᠡᠨ ᠲᠡᠭᠦᠨ ᠢ ᠠᠰᠠᠭᠠᠬᠤ ᠪᠤᠶᠤ ᠤᠨᠲᠠᠷᠠᠭᠠᠵᠤ ᠪᠣᠯᠳᠠᠭ᠃ ᠡᠨᠳᠡ ᠴᠢᠬᠤᠯᠠ ᠵᠦᠢᠯ ᠪᠣᠯ ᠳ᠋ᠧᠩ ᠡᠩ ᠦᠨ ᠪᠠᠢᠳᠠᠯ ᠳᠤ ᠵᠥᠪᠭᠡᠨ ᠬᠤᠶᠠᠷ ᠵᠦᠢᠯ ᠦᠨ ᠪᠠᠢᠳᠠᠯ ᠲᠠᠢ᠂ ᠠᠰᠠᠭᠠᠯᠲᠠ ᠲᠠᠢ ᠪᠤᠶᠤ ᠤᠨᠲᠠᠷᠠᠭᠠᠯᠲᠠ ᠲᠠᠢ᠃ ᠲᠣᠮᠳᠠ ᠶᠢᠨ ᠪᠠᠢᠳᠠᠯ ᠦᠭᠡᠢ᠃ ᠡᠩ ᠦᠨ ᠺᠣᠮᠫᠢᠦ᠋ᠲᠧᠷ ᠳᠣᠲᠣᠷ᠎ᠠ ᠬᠡᠳᠦᠨ ᠰᠠᠶ᠎ᠠ ︵ᠵᠠᠭᠤᠨ ᠲᠦᠮᠡ︶ ~  ᠬᠡᠳᠦᠨ ᠲᠡᠷᠪᠤᠮ ︵ᠵᠠᠭᠤᠨ ᠰᠠᠶ᠎ᠠ᠂ ᠠᠷᠪᠠᠨ ᠳ᠋ᠣᠩᠰᠢᠭᠤᠷ︶ ᠰᠡᠯᠭᠦᠭᠦᠷ ᠲᠠᠢ ᠪᠠᠢᠵᠤ᠂ ᠡᠳᠡᠭᠡᠷ ᠰᠡᠯᠭᠦᠭᠦᠷ ᠢᠶᠡᠷ ᠳᠡᠮᠵᠢᠵᠦ ᠪᠣᠳᠤᠯᠭ᠎ᠠ ᠬᠢᠳᠡᠭ᠃ ᠡᠢᠮᠦ ᠨᠢᠭᠡ ᠰᠡᠯᠭᠦᠭᠦᠷ ᠢ ᠺᠣᠮᠫᠢᠦ᠋ᠲᠧᠷ ᠦᠨ ᠶᠢᠷᠲᠢᠨᠴᠦ ᠳᠦ 1Bit ᠭᠢᠨ᠎ᠡ᠂ Bit ᠪᠦᠷᠢ ᠨᠢ ᠵᠥᠪᠬᠡᠨ 0 ᠪᠤᠶᠤ1 ᠭᠡᠬᠦ ᠬᠣᠶᠠᠷ ᠲᠣᠭ᠎ᠠ ᠶᠢ ᠯᠡ ᠲᠡᠮᠳᠡᠭᠯᠡᠵᠦ ᠴᠢᠳᠠᠨ᠎ᠠ᠃ Continue reading ︽ᠮᠣᠩᠭᠣᠯ ᠶᠦᠨᠢᠺᠥᠳ᠋ ᠦᠨ ᠰᠢᠭᠦᠮᠵᠢ︾

WordPress ᠪᠣᠯᠤᠨ ᠴᠠᠨᠠᠢ

wordpress-in ᠬᠠᠮᠤᠭ ᠰᠢᠨ᠎ᠡ ᠬᠤᠪᠢᠯᠪᠤᠷᠢ ᠪᠠᠷ ᠰᠠᠢᠲ ᠪᠠᠢᠭᠤᠯᠶ᠎ᠠ ᠭᠡᠰᠡᠨ ᠪᠣᠳᠣᠯ ᠲᠠᠢ ᠨᠠᠢᠵᠠ ᠨᠠᠷ ᠲᠤ ᠪᠢ ᠲᠠᠯᠴᠢᠷ ᠲᠤ ᠬᠡᠷᠡᠭᠯᠡᠵᠦ ᠪᠠᠢᠭ᠎ᠠ ᠰᠢᠢᠳᠪᠦᠷᠢᠯᠡᠯᠲᠡ ᠶᠢ ᠡᠨᠳᠡ ᠲᠠᠨ ᠲᠠᠢ ᠲᠠᠨᠢᠯᠴᠠᠭᠤᠯᠬᠤ ᠪᠠᠷ ᠪᠠᠢᠨ᠎ᠠ᠃ ᠬᠡᠷᠪᠡ ᠲᠠ ᠮᠢᠨᠤ ᠠᠷᠭ᠎ᠠ ᠶᠢ ᠦᠪᠡᠷ ᠦᠨ ᠰᠠᠢᠲ ᠲᠤ ᠪᠠᠨ ᠬᠡᠷᠡᠭᠡᠯᠡᠶ᠎ᠡ ᠭᠡᠪᠡᠯ ᠨᠠᠳᠠ ᠲᠠᠢ ᠬᠠᠷᠢᠯᠴᠠᠭᠠᠷᠠᠢ᠃

ᠣᠨᠴᠠᠯᠢᠭ᠄

hamiyaraltaᠲᠣᠰ ᠰᠢᠢᠳᠪᠦᠷᠢᠯᠡᠯᠲᠡ ᠳᠦ wordpress-in ᠲᠣᠰ ᠪᠡᠶᠡᠨ ᠳᠦ ᠶᠠᠮᠠᠷ ᠴᠤ ᠥᠭᠡᠷᠡᠴᠢᠯᠡᠯᠲᠡ ᠬᠢᠭᠰᠡᠨ ᠦᠭᠡᠢ ᠪᠣᠯᠬᠣᠷ ᠬᠡᠵᠢᠶᠡᠳᠡ ᠬᠠᠮᠤᠭ ᠰᠢᠨ᠎ᠡ ᠬᠤᠪᠢᠯᠪᠤᠷᠢ ᠶᠢ ᠬᠡᠷᠡᠭᠯᠡᠬᠦ ᠪᠣᠯᠤᠮᠵᠢ ᠲᠠᠢ᠃ wordpress-i ᠮᠠᠰᠢ ᠥᠷᠭᠡᠨ ᠬᠡᠷᠡᠭᠯᠡᠵᠦ ᠪᠠᠢᠬᠤ ᠪᠣᠯᠬᠣᠷ ᠲᠡᠭᠦᠨ ᠦ ᠡᠮᠵᠡᠭ ᠭᠡᠮ ᠢ ᠨᠢ ᠡᠷᠢᠵᠦ ᠡᠪᠳᠡᠯᠡᠭᠡ ᠭᠡᠳᠡᠭ ᠬᠥᠮᠦᠰ ᠴᠤ ᠪᠠᠢᠳᠠᠭ᠃ ᠬᠡᠷᠪᠡ ᠬᠡᠵᠢᠶᠡᠳᠡ ᠰᠢᠨ᠎ᠡ ᠬᠤᠪᠢᠯᠪᠤᠷᠢ ᠶᠢ ᠬᠡᠷᠡᠭᠯᠡᠪᠡᠯ ᠡᠢᠮᠦᠷᠬᠦᠦ wordpress-in ᠡᠮᠵᠡᠭ ᠢ ᠠᠰᠢᠭᠯᠠᠭᠰᠠᠨ ᠡᠪᠳᠡᠯᠡᠭᠡ ᠪᠡ ᠬᠣᠣᠷᠯᠠᠯ ᠠᠴᠠ ᠵᠠᠢᠯᠠᠰᠬᠢᠬᠦ ᠪᠣᠯᠤᠮᠵᠢ ᠮᠠᠰᠢ ᠥᠨᠳᠥᠷ ᠶᠤᠮ᠃ ᠡᠰᠡᠷᠭᠦ  ᠪᠡᠷ᠂ ᠤᠷᠲᠤ ᠬᠤᠭᠤᠴᠠᠭ᠎ᠠ  ᠪᠠᠷ ᠬᠠᠭᠤᠴᠢᠨ ᠬᠤᠪᠢᠯᠪᠤᠷᠢ  ᠶᠢ ᠬᠡᠷᠡᠭᠯᠡᠬᠦ ᠨᠢ ᠠᠶᠤᠯ ᠲᠠᠢ ᠶᠤᠮ᠃ ᠮᠢᠨᠤ ᠰᠢᠢᠳᠪᠦᠷᠢᠯᠡᠯᠲᠡ  ᠳᠦ᠂ wordpress-in plugin-i ᠠᠮᠢᠳᠤᠯᠢᠭ ᠠᠰᠢᠭᠯᠠᠨ᠂ ᠴᠥᠮ᠎ᠡ ᠪᠠ ᠥᠭᠡᠷᠡᠴᠢᠯᠡᠯᠲᠡ ᠶᠢ ᠰᠠᠯᠭᠠᠬᠤ ᠠᠷᠭ᠎ᠠ ᠶᠢ ᠠᠪᠤᠪᠠ᠃ Continue reading ︽WordPress ᠪᠣᠯᠤᠨ ᠴᠠᠨᠠᠢ︾

ᠮᠣᠩᠭᠣᠯ ᠪᠢᠴᠢᠭ ᠡᠭᠦᠯᠡᠨ ᠰᠣᠹᠲ

ᠮᠣᠩᠭᠣᠯ ᠪᠢᠴᠢᠭ ᠢᠶᠡᠨ ᠬᠠᠢᠷᠠᠯᠠᠵᠤ᠂ ᠮᠣᠩᠭᠣᠯ ᠬᠡᠯᠡ᠂ ᠮᠣᠩᠭᠣᠯ ᠪᠢᠴᠢᠭ ᠦᠨ ᠬᠥᠭᠵᠢᠯᠲᠡ ᠳᠦ ᠬᠤᠪᠢ ᠨᠡᠮᠡᠷᠢ ᠦᠵᠡᠭᠦᠯᠬᠦ ᠨᠢ ︽ᠮᠣᠩᠭᠣᠯ ᠪᠢᠴᠢᠭ ᠡᠭᠦᠯᠡᠨ ᠰᠣᠹᠲ ᠢ︾ ᠡᠬᠢᠯᠡᠭᠦᠯᠦᠭᠰᠡᠨ ᠵᠣᠷᠢᠯᠭ᠎ᠠ ᠪᠠ ᠬᠠᠷᠠᠯᠲᠠ ᠶᠤᠮ᠃

ᠥᠩᠭᠡᠷᠡᠭᠰᠡᠨ ᠳᠦ ᠪᠢᠳᠡ ᠮᠣᠩᠭᠣᠯ ᠰᠠᠢᠲ ᠬᠢᠬᠦ ᠦᠶᠡᠰ᠂ ᠮᠥᠩᠬᠡ ᠭᠠᠯ ᠤᠨ ᠲᠢᠭ ︵ᠹᠣᠨᠲ︶ ᠪᠣᠯᠤᠨ ᠮᠧᠺᠷᠤᠰᠣᠹᠲ ᠤᠨ IE ᠬᠡᠷᠡᠭᠯᠡᠬᠦ ᠨᠢ ᠭᠣᠣᠯᠲᠠᠢ ᠪᠠᠢᠯ᠎ᠠ᠃ ᠪᠠᠷᠢᠮᠵᠢᠶ᠎ᠠ ᠺᠣᠳ᠋ ᠢ ᠲᠦᠭᠡᠮᠡᠯᠵᠢᠭᠦᠯᠬᠦ ᠪᠣᠯᠤᠨ ᠬᠥᠲᠥᠴᠢ ᠶᠢᠨ ᠪᠠᠷᠢᠮᠵᠢᠶᠠᠨ ᠤ ᠬᠥᠭᠵᠢᠯᠲᠡ ᠶᠢ ᠳᠠᠭᠠᠨ ᠡᠨᠡ ᠬᠦ ᠪᠠᠢᠳᠠᠯ ᠴᠤ ᠲᠡᠦᠬᠡ ᠪᠠᠢᠬᠤ ᠨᠢ ᠵᠠᠢᠯᠠᠰᠢ ᠦᠭᠡᠢ᠃ ᠶᠠᠭ ᠡᠨᠡ ᠰᠢᠨ᠎ᠡ ᠬᠠᠭᠤᠴᠢᠨ ᠰᠣᠯᠢᠭᠳᠠᠬᠤ ᠴᠠᠭ ᠦᠶ᠎ᠡ ᠶᠢᠨ ᠱᠠᠭᠠᠷᠳᠠᠯᠭ᠎ᠠ ᠪᠠᠷ ᠮᠠᠨ ᠰᠠᠢᠲ ᠹᠣᠨᠲ ︵ᠦᠰᠦᠭ ᠦᠨ ᠲᠢᠭ︶᠂ ᠦᠰᠦᠭ ᠰᠢᠪᠡᠭᠴᠢ᠂ ᠪᠣᠰᠣᠭ᠎ᠠ ᠬᠡᠪ ᠢ (HTML5) ᠦᠷᠭᠡᠨ ᠤᠯᠠᠨ ᠰᠦᠯᠵᠢᠶᠠᠨ ᠤ ᠮᠡᠷᠭᠡᠵᠢᠯᠲᠡᠨ ᠪᠣᠯᠭᠠᠨ ᠬᠡᠷᠡᠭᠯᠡᠭᠴᠢᠳ ᠲᠦ ᠪᠡᠨ ᠳᠡᠪᠰᠢᠭᠦᠯᠦᠯ᠎ᠡ᠃

ᠬᠥᠮᠦᠰ ᠲᠤᠰ ᠰᠠᠢᠲ ᠤᠨ ᠦᠢᠯᠡᠴᠢᠯᠡᠭᠡ ᠶᠢ ᠠᠰᠢᠭᠯᠠᠨᠪᠠᠯ᠂ ᠨᠡᠩ ᠲᠦᠷᠭᠡᠨ᠂ ᠮᠠᠰᠢ ᠬᠢᠮᠳᠠ᠂ ᠤᠯᠠᠮ ᠴᠢᠨᠠᠷᠯᠢᠭ ᠮᠣᠩᠭᠣᠯ ᠰᠣᠹᠲ ᠦᠢᠯᠡᠳᠬᠦ ᠪᠣᠯᠤᠨ᠎ᠠ ᠭᠡᠵᠦ ᠪᠢ ᠬᠦᠰᠡᠵᠦ ᠪᠠᠢᠨ᠎ᠠ᠂ ᠪᠠᠰᠠ ᠴᠤ ᠢᠲᠡᠭᠡᠵᠦ ᠪᠠᠢᠨ᠎ᠠ᠃ ᠴᠢᠨᠠᠭᠰᠢ ᠰᠠᠢᠨ ᠮᠥᠴᠡᠯᠭᠡ ᠪᠣᠯᠵᠤ᠂ ᠨᠠᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠵᠦ᠂ ᠨᠡᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠭᠰᠡᠨ ᠡᠴᠡ ᠤᠯᠠᠮ ᠰᠠᠢᠨ ᠮᠡᠷᠭᠡᠵᠢᠯ ᠦᠳ ᠢᠯᠡᠷᠡᠬᠦ ᠶᠤᠮ ᠭᠡᠵᠦ ᠪᠣᠳᠤᠵᠤ ᠪᠠᠢᠨ᠎ᠠ᠃ ᠬᠡᠷᠪᠡ ᠲᠡᠢᠮᠦ ᠪᠣᠯᠬᠤ ᠳᠤ ᠬᠦᠷᠪᠡᠯ᠂ ᠬᠡᠷᠡᠭᠯᠡᠭᠴᠢ ᠪᠦᠬᠦᠨ ᠳᠦ ᠠᠰᠢᠭ ᠲᠠᠢ ᠪᠢᠰᠢ ᠤᠤ᠃ Continue reading ︽ᠮᠣᠩᠭᠣᠯ ᠪᠢᠴᠢᠭ ᠡᠭᠦᠯᠡᠨ ᠰᠣᠹᠲ︾