ᠮᠣᠩᠭᠣᠯ ᠶᠦᠨᠢᠺᠥᠳ᠋ ᠦᠨ ᠰᠢᠭᠦᠮᠵᠢ

᠒᠐᠑᠖ ᠣᠨ ᠳᠤ UNICODE-in ᠶᠢᠰᠦᠳᠦᠭᠡᠷ ᠬᠤᠪᠢᠯᠪᠤᠷᠢ ᠶᠢ ᠳᠠᠭᠠᠵᠤ ᠮᠣᠩᠭᠣᠯ ᠪᠢᠴᠢᠭ ᠦᠨ UNICODE-in ᠰᠢᠨ᠎ᠡ ᠬᠤᠪᠢᠯᠪᠤᠷᠢ ᠨᠡᠢᠲᠡᠯᠡᠭᠳᠡᠪᠡ︵2016.06.21︶᠃ ᠹᠣᠨᠲ︵font ᠭᠡᠵᠦ ᠺᠣᠮᠫᠢᠦ᠋ᠲᠧᠷ ᠲᠦ ᠬᠡᠷᠡᠭᠯᠡᠳᠡᠭ ᠦᠰᠦᠭ ᠦᠨ ᠲᠢᠭ︶ ᠬᠢᠬᠦ ᠶᠢᠨ ᠲᠥᠯᠦᠭᠡ ᠠᠪᠢᠶ᠎ᠠ ᠳᠠᠷᠠᠭᠠᠯᠠᠨ᠂ ᠵᠤᠷᠪᠤᠰ ᠵᠤᠷᠪᠤᠰ ᠢᠶᠠᠷ ᠰᠢᠨᠵᠢᠵᠦ ᠦᠵᠡᠯ᠎ᠡ᠃ ᠮᠠᠭᠲᠠᠪᠤᠰᠢ ᠲᠠᠢ ᠵᠦᠢᠯ ᠴᠤ ᠪᠠᠢᠨ᠎ᠠ᠃ ᠰᠢᠭᠦᠮᠵᠢᠯᠡᠬᠦ ᠴᠢᠬᠤᠯᠠ ᠵᠦᠢᠯᠡᠰ ᠴᠤ ᠪᠠᠭ᠎ᠠ ᠪᠤᠰᠤ ᠪᠠᠢᠨ᠎ᠠ᠃ ᠡᠨᠳᠡ ᠪᠢ ᠲᠡᠮᠳᠡᠭᠯᠡᠯ ᠪᠣᠯᠭᠠᠨ ᠣᠯᠵᠤ ᠬᠠᠷᠠᠭᠰᠠᠨ ᠵᠦᠢᠯᠡᠰ ᠢ ᠪᠢᠴᠢᠵᠦ᠂ ᠨᠠᠳᠠ ᠲᠠᠢ ᠠᠲᠠᠯᠢ ᠮᠣᠩᠭᠣᠯ ᠪᠢᠴᠢᠭ ᠦᠨ UNICODE-d ᠠᠩᠬᠠᠷᠤᠯ ᠢᠶᠠᠨ ᠲᠠᠯᠪᠢᠵᠤ ᠪᠠᠢᠭ᠎ᠠ ᠬᠦᠮᠦᠰ ᠲᠠᠢ ᠬᠤᠪᠢᠶᠠᠯᠴᠠᠶ᠎ᠠ᠃

ᠨᠢᠭᠡ᠂ ᠺᠣᠳ᠋ ᠭᠡᠵᠦ ᠶᠠᠭᠤ ᠪᠤᠢ︖ UNICODE ︵ᠶᠦᠨᠢᠺᠥᠳ᠋︶ ᠭᠡᠵᠦ ᠶᠠᠭᠤ ᠪᠤᠢ︖

ᠪᠢᠳᠡᠨ ᠦ ᠭᠡᠷ ᠲᠡᠭᠡᠨ ᠭᠡᠷᠡᠯ︵ᠳ᠋ᠧᠩ︶ ᠠᠰᠠᠭᠠᠳᠠᠭ᠃ ᠰᠡᠯᠭᠦᠭᠦᠷ ᠢᠶᠡᠷ ᠳᠡᠮᠵᠢᠵᠦ ᠪᠢᠳᠡᠨ ᠲᠡᠭᠦᠨ ᠢ ᠠᠰᠠᠭᠠᠬᠤ ᠪᠤᠶᠤ ᠤᠨᠲᠠᠷᠠᠭᠠᠵᠤ ᠪᠣᠯᠳᠠᠭ᠃ ᠡᠨᠳᠡ ᠴᠢᠬᠤᠯᠠ ᠵᠦᠢᠯ ᠪᠣᠯ ᠳ᠋ᠧᠩ ᠡᠩ ᠦᠨ ᠪᠠᠢᠳᠠᠯ ᠳᠤ ᠵᠥᠪᠭᠡᠨ ᠬᠤᠶᠠᠷ ᠵᠦᠢᠯ ᠦᠨ ᠪᠠᠢᠳᠠᠯ ᠲᠠᠢ᠂ ᠠᠰᠠᠭᠠᠯᠲᠠ ᠲᠠᠢ ᠪᠤᠶᠤ ᠤᠨᠲᠠᠷᠠᠭᠠᠯᠲᠠ ᠲᠠᠢ᠃ ᠲᠣᠮᠳᠠ ᠶᠢᠨ ᠪᠠᠢᠳᠠᠯ ᠦᠭᠡᠢ᠃ ᠡᠩ ᠦᠨ ᠺᠣᠮᠫᠢᠦ᠋ᠲᠧᠷ ᠳᠣᠲᠣᠷ᠎ᠠ ᠬᠡᠳᠦᠨ ᠰᠠᠶ᠎ᠠ ︵ᠵᠠᠭᠤᠨ ᠲᠦᠮᠡ︶ ~  ᠬᠡᠳᠦᠨ ᠲᠡᠷᠪᠤᠮ ︵ᠵᠠᠭᠤᠨ ᠰᠠᠶ᠎ᠠ᠂ ᠠᠷᠪᠠᠨ ᠳ᠋ᠣᠩᠰᠢᠭᠤᠷ︶ ᠰᠡᠯᠭᠦᠭᠦᠷ ᠲᠠᠢ ᠪᠠᠢᠵᠤ᠂ ᠡᠳᠡᠭᠡᠷ ᠰᠡᠯᠭᠦᠭᠦᠷ ᠢᠶᠡᠷ ᠳᠡᠮᠵᠢᠵᠦ ᠪᠣᠳᠤᠯᠭ᠎ᠠ ᠬᠢᠳᠡᠭ᠃ ᠡᠢᠮᠦ ᠨᠢᠭᠡ ᠰᠡᠯᠭᠦᠭᠦᠷ ᠢ ᠺᠣᠮᠫᠢᠦ᠋ᠲᠧᠷ ᠦᠨ ᠶᠢᠷᠲᠢᠨᠴᠦ ᠳᠦ 1Bit ᠭᠢᠨ᠎ᠡ᠂ Bit ᠪᠦᠷᠢ ᠨᠢ ᠵᠥᠪᠬᠡᠨ 0 ᠪᠤᠶᠤ1 ᠭᠡᠬᠦ ᠬᠣᠶᠠᠷ ᠲᠣᠭ᠎ᠠ ᠶᠢ ᠯᠡ ᠲᠡᠮᠳᠡᠭᠯᠡᠵᠦ ᠴᠢᠳᠠᠨ᠎ᠠ᠃ ᠬᠡᠳᠦᠢᠪᠡᠷ ᠺᠣᠮᠫᠢᠦ᠋ᠲᠧᠷ ᠦᠨ ᠮᠠᠷᠭᠡᠵᠢᠯ ᠨᠢᠰᠬᠦ ᠮᠡᠲᠦ ᠬᠥᠭᠵᠢᠵᠦ ᠪᠠᠢᠭ᠎ᠠ ᠪᠣᠯᠪᠠᠴᠤ᠂ ᠨᠡᠨ ᠵᠣᠬᠢᠶᠡᠯ ᠢ ᠪᠢᠴᠢᠬᠦ ᠦᠶᠡᠰ ᠦᠨ ᠥᠨᠥᠳᠦᠷ ᠪᠣᠯᠲᠠᠯ᠎ᠠ ᠺᠣᠮᠫᠢᠦ᠋ᠲᠧᠷ ᠦᠨ ᠳᠣᠲᠣᠭᠠᠳᠤ ᠳᠤ ᠵᠥᠪᠬᠡᠨ 0,1 ᠯᠡ ᠪᠠᠢᠳᠠᠭ᠃digital ᠭᠡᠪᠡᠴᠦ ᠪᠢᠳᠡ ᠬᠣᠶᠠᠷ ᠰᠡᠯᠭᠦᠭᠦᠷ ᠢ ᠵᠡᠷᠭᠡᠴᠡᠭᠦᠯᠬᠦ ᠦᠶᠡᠰ 0, 1, 2, 3 ᠭᠡᠰᠡᠨ ᠲᠥᠷᠪᠡᠨ ᠪᠠᠢᠳᠠᠯ ᠢ ᠢᠯᠡᠳᠭᠡᠵᠦ ᠪᠣᠯᠣᠨ᠎ᠠ᠂ ᠭᠣᠷᠪᠠᠨ ᠰᠡᠯᠭᠦᠭᠦᠷ ᠢᠶᠡᠷ 0, 1, 2, 3, 4, 5, 6, 7 ᠭᠡᠬᠦ ᠨᠠᠢᠮᠠᠨ ᠵᠦᠢᠯ ᠪᠠᠢᠳᠠᠯ ᠲᠠᠢ᠃ ᠶᠠᠭ ᠡᠢᠮᠦᠷᠬᠦᠦ ᠠᠷᠭ᠎ᠠ ᠪᠠᠷ 2n ᠲᠣᠭ᠎ᠠ ᠶᠢ ᠺᠣᠮᠫᠢᠦ᠋ᠲᠧᠷ ᠢᠶᠡᠷ ᠪᠣᠳᠣᠭᠤᠯᠵᠤ ᠪᠠᠢᠨ᠎ᠠ᠃

ᠠᠰᠠᠭᠤᠳᠠᠯ ᠪᠣᠯ ᠦᠰᠦᠭ ᠪᠢᠴᠢᠭ ᠨᠢ ᠲᠣᠭ᠎ᠠ ᠪᠢᠰᠢ᠂ ᠺᠣᠮᠫᠢᠦ᠋ᠲᠧᠷ ᠵᠥᠪᠬᠡᠨ ᠲᠣᠭ᠎ᠠ ᠶᠢ ᠯᠡ ᠪᠣᠳᠣᠵᠤ ᠴᠢᠳᠠᠳᠠᠭ᠃ ᠬᠥᠮᠦᠰ ᠡᠨᠡ ᠠᠰᠠᠭᠤᠳᠠᠯ ᠢ ᠰᠢᠢᠳᠪᠦᠷᠢᠯᠡᠬᠦ ᠶᠢᠨ ᠲᠥᠯᠦᠭᠡ ᠦᠰᠦᠭ ᠨᠢᠭᠡ ᠪᠦᠷᠢ ᠳᠦ ᠨᠢᠭᠡᠨ ᠳ᠋ᠤᠭᠠᠷ ᠦᠭᠭᠦᠭᠰᠡᠨ ᠪᠠᠢᠨ᠎ᠠ᠃ ᠵᠢᠱᠢᠶᠡᠯᠡᠪᠡᠯ᠂ ᠯᠠᠲ᠋ᠢᠨ ᠦᠰᠦᠭ ᠦᠨ a -> 97᠂ b -> 98 ᠁ ᠭᠡᠬᠦ ᠮᠡᠳᠦ᠃ ᠺᠣᠮᠫᠢᠦ᠋ᠲᠧᠷ ᠲᠣᠭ᠎ᠠ 97 ᠪᠠᠷ ᠳᠡᠮᠵᠢᠵᠦ a-in ᠰᠢᠪᠡᠬᠦ᠂ ᠪᠢᠴᠢᠭᠦ᠂ ᠬᠠᠷᠠᠭᠤᠯᠬᠤ᠂ ᠳᠠᠮᠵᠢᠭᠤᠯᠬᠤ᠂ ᠬᠠᠳᠠᠭᠠᠯᠠᠬᠤ ᠭᠡᠬᠦ ᠮᠡᠳᠦ ᠶᠢᠨ ᠠᠵᠢᠯ ᠢ ᠪᠡᠶᠡᠯᠡᠭᠦᠯᠬᠦ ᠪᠠᠢᠨ᠎ᠠ᠃ ᠡᠳᠡᠭᠡᠷ ᠦᠰᠦᠭ ᠲᠠᠢ ᠬᠠᠷᠠᠭᠠᠯᠵᠠᠭᠰᠠᠨ ᠳ᠋ᠤᠭᠠᠷ ᠢ ᠺᠣᠳ᠋ ᠭᠡᠨ᠎ᠡ᠃

ᠣᠳᠣ ᠪᠢᠳᠡ ᠥᠭᠡᠷ᠎ᠡ ᠨᠢᠭᠡ ᠪᠠᠢᠳᠠᠯ ᠢ ᠪᠣᠳᠤᠯᠬᠢᠯᠠᠵᠤ ᠦᠵᠡᠶ᠎ᠡ᠃ ᠭᠡᠷᠪᠡ ᠨᠢᠭᠡ ᠠᠩᠬᠢ ᠳᠤ ᠬᠣᠶᠠᠷ ᠪᠠᠲᠤᠮᠥ᠋ᠩᠬᠡ ᠭᠡᠳᠡᠭ ᠰᠤᠷᠤᠭᠴᠢ ᠲᠠᠢ᠃ ᠪᠠᠭᠰᠢ ᠶᠠᠮᠠᠷ ᠴᠤ ᠳᠣᠳᠣᠳᠬᠠᠯ ᠬᠡᠷᠡᠭᠯᠡᠬᠦ ᠦᠭᠡᠢ᠄︽ᠪᠠᠲᠤᠮᠥ᠋ᠩᠬᠡ᠂ ᠡᠨᠡ ᠠᠰᠠᠭᠤᠳᠠᠯ ᠢ ᠬᠠᠷᠢᠭᠤᠯ︕︾ ᠭᠡᠪᠡᠯ ᠠᠯᠢ ᠪᠠᠲᠤᠮᠥ᠋ᠩᠬᠡ ᠠᠰᠠᠭᠤᠳᠠᠯ ᠢ ᠬᠠᠷᠢᠭᠤᠯᠬᠤ ᠴᠢᠬᠤᠯᠠ ᠲᠠᠢ ᠪᠤᠢ︖ ᠡᠢᠮᠦ ᠪᠠᠢᠳᠠᠯ ᠠᠴᠠ ᠵᠠᠢᠯᠠᠰᠬᠢᠬᠦ ᠶᠢᠨ ᠲᠥᠯᠦᠭᠡ ᠺᠣᠮᠫᠢᠦ᠋ᠲᠧᠷ ᠦᠨ ᠶᠢᠷᠲᠢᠨᠴᠦ ᠳᠦ ᠦᠰᠦᠭ ᠪᠦᠷᠢ ᠳᠦ ᠴᠣᠷ ᠤᠨ ᠭᠠᠭᠴᠠ ᠨᠢᠭᠡ ᠺᠣᠳ᠋ ᠥᠭᠳᠡᠭ ᠪᠠᠢᠨ᠎ᠠ᠃ ᠡᠬᠡ ᠡᠴᠢᠭᠡ ᠪᠣᠯᠣᠭᠰᠠᠳ ᠲᠠᠪᠤᠨ ᠬᠦᠦ ᠪᠡᠨ ᠲᠠᠪᠤᠯᠠ ᠶᠢ ᠨᠢ ᠪᠠᠲᠤᠮᠥ᠋ᠩᠬᠡ ᠭᠡᠵᠦ ᠨᠡᠷᠡᠯᠡᠬᠦ ᠬᠥᠮᠦᠨ ᠦᠭᠡᠢ᠃ ᠨᠢᠭᠡ ᠠᠩᠬᠢ ᠳᠤ ᠪᠠᠢᠭ᠎ᠠ ᠬᠣᠶᠠᠷ ᠪᠠᠲᠤᠮᠥ᠋ᠩᠬᠡ ᠠᠬ᠎ᠠ ᠳᠡᠭᠦᠦ ᠬᠣᠶᠠᠷ ᠪᠠᠢᠬᠤ ᠪᠣᠯᠣᠮᠵᠢ ᠴᠤ ᠰᠡᠳᠬᠢᠰᠢ ᠦᠭᠡᠢ᠃ ᠬᠡᠪᠡᠴᠦ ᠨᠢᠭᠡ ᠠᠩᠭᠢ ᠳᠤ ᠠᠳᠠᠯᠢ ᠨᠡᠷ᠎ᠡ ᠲᠠᠢ ᠰᠤᠷᠤᠭᠴᠢ ᠪᠠᠢᠬᠤ ᠦᠵᠡᠭᠳᠡᠯ ᠮᠠᠰᠢ ᠲᠦᠭᠡᠮᠡᠯ᠂ ᠣᠴᠢᠷ ᠨᠢ ᠪᠠᠲᠤᠮᠥ᠋ᠩᠬᠡ ᠶᠢᠨ ᠠᠪᠤ ᠡᠵᠢ ᠪᠠᠲᠤᠮᠥ᠋ᠩᠬᠡ ᠳᠦ ᠨᠡᠷ᠎ᠡ ᠬᠠᠢᠷᠠᠯᠠᠬᠤ ᠦᠶᠡᠰ ᠠᠷᠪᠠᠨ ᠵᠢᠯ ᠲᠠᠷᠠᠭ᠎ᠠ ᠬᠦᠦ ᠶᠢᠨ ᠬᠢᠨᠢ ᠠᠩᠭᠢ ᠳᠤ ᠥᠭᠡᠷ᠎ᠡ ᠪᠠᠲᠤᠮᠥ᠋ᠩᠬᠡ ᠪᠠᠢᠬᠤ ᠮᠡᠳᠡᠬᠦ ᠶᠣᠰᠤ ᠦᠭᠡᠢ᠃ ᠺᠣᠮᠫᠢᠦ᠋ᠲᠧᠷ ᠦᠨ ᠶᠢᠷᠲᠢᠨᠴᠦ ᠳᠦ ᠡᠨᠡ ᠠᠰᠠᠭᠤᠳᠠᠯ ᠢ ᠰᠢᠢᠳᠪᠦᠷᠢᠯᠡᠬᠦ ᠶᠢᠨ ᠲᠥᠯᠦᠭᠡ᠂ ᠰᠤᠷᠠᠭ ᠴᠢᠮᠡᠭᠡᠨ ᠦ ᠺᠣᠮᠫᠠᠨᠢ ᠨᠤᠭᠤᠳ ᠬᠠᠮᠲᠤᠷᠠᠨ Unicode Consortium ᠭᠡᠬᠦ ᠵᠣᠬᠢᠶᠠᠨ ᠪᠠᠢᠭᠤᠯᠤᠯᠲᠠ ᠶᠢ ᠪᠠᠢᠭᠤᠯᠤᠵᠠᠢ᠃ ︵ISO ᠪᠣᠯᠤᠨ UNICODE ᠬᠠᠷᠢᠴᠠᠭ᠎ᠠ ᠲᠣᠰ ᠵᠣᠬᠢᠶᠠᠯ ᠤᠨ ᠶᠠᠷᠢᠯᠴᠠᠬᠤ ᠭᠣᠣᠯ ᠰᠡᠳᠦᠪ ᠲᠠᠢ ᠰᠢᠭᠤᠳ ᠬᠠᠷᠢᠴᠠᠭ᠎ᠠ ᠦᠭᠡᠢ ᠲᠣᠯᠠ ᠡᠨᠳᠡ ᠦᠭᠡᠯᠡᠬᠦ ᠦᠭᠡᠢ᠃︶ ᠡᠨᠡ ᠵᠣᠬᠢᠶᠠᠨ ᠪᠠᠢᠭᠤᠯᠤᠯᠲᠠ ᠳᠡᠯᠡᠬᠡᠢ ᠡᠯ᠎ᠡ ᠦᠨᠳᠦᠰᠦᠳᠡᠨ ᠦ ᠦᠰᠦᠭ ᠪᠢᠴᠢᠭ ᠦᠨ ᠺᠣᠳ᠋ᠴᠢᠯᠠᠬᠤ ᠠᠵᠢᠯ ᠢ ᠬᠠᠷᠢᠭᠤᠴᠠᠵᠤ ᠪᠠᠢᠨ᠎ᠠ᠃ Unicode Consortium ᠨᠡᠢᠲᠡᠯᠡᠭᠰᠡᠨ ᠺᠣᠳ᠋ ᠢ UNICODE ᠭᠡᠨ᠎ᠡ

ᠬᠤᠶᠠᠷ᠂ ᠮᠣᠩᠭᠣᠯ ᠪᠢᠴᠢᠭ ᠦᠨ ᠺᠣᠳ᠋ᠴᠢᠯᠠᠯ ᠤᠨ ᠲᠠᠨᠢᠯᠴᠠᠭᠤᠯᠭ᠎ᠠ

DOS-in ᠴᠠᠭ ᠦᠶ᠎ᠡ ︵DOS ᠨᠢᠭᠡ ᠵᠦᠢᠯ ᠦᠨ ᠺᠣᠮᠫᠢᠦ᠋ᠲᠧᠷ ᠦᠨ ᠰᠠᠭᠤᠷᠢ ᠰᠢᠰᠲ᠋ᠧᠮ︶᠂ ᠳᠡᠭᠡᠷ᠎ᠡ ᠵᠠᠭᠤᠨ ᠤ ᠨᠠᠶᠠᠭᠠᠳ ᠣᠨ ᠤ ᠰᠡᠭᠦᠯᠴᠢ᠂ ᠵᠠᠷᠢᠮ ᠡᠷᠳᠡᠮᠲᠡᠳ ᠯᠠᠲ᠋ᠢᠨ ᠦᠰᠦᠭ ᠦᠨ ᠺᠣᠳ᠋ ᠶᠢᠨ ᠣᠷᠣᠨ ᠢ ᠠᠰᠢᠭᠯᠠᠨ ᠮᠣᠩᠭᠣᠯ ᠪᠢᠴᠢᠭ ᠢ ᠺᠣᠮᠫᠢᠦ᠋ᠲᠧᠷ ᠲᠦ ᠬᠡᠷᠡᠭᠡᠯᠡᠵᠦ ᠪᠠᠢᠯ᠎ᠠ᠃ ᠲᠥᠯᠥᠭᠡᠯᠡᠭᠴᠢ ᠬᠥᠮᠦᠨ᠂ ᠥᠪᠦᠷ ᠮᠣᠩᠭᠣᠯ ᠶᠡᠬᠡ ᠰᠣᠷᠭᠠᠭᠤᠯᠢ ᠶᠢᠨ ᠺᠣᠮᠫᠢᠦ᠋ᠲᠧᠷ ᠰᠠᠯᠪᠤᠷᠢ ᠶᠢᠨ ᠣᠳᠽᠠᠷ ᠪᠠᠭᠰᠢ ᠪᠣᠯᠣᠨ᠎ᠠ᠃ ᠡᠨᠡ ᠨᠢ ᠲᠣᠬᠠᠢ ᠶᠢᠨ ᠦᠶ᠎ᠡ ᠵᠥᠭᠡᠯᠡᠨ ᠲᠣᠨᠣᠭ ᠤᠨ ᠬᠢᠵᠠᠭᠠᠷ ᠠᠴᠠ ᠪᠣᠯᠣᠭᠰᠠᠨ ᠶᠤᠮ᠃ ᠲᠡᠷᠡ ᠦᠶ᠎ᠡ᠂ 7 bit (27 = 128) ᠬᠡᠷᠡᠭᠯᠡᠵᠦ ᠺᠣᠳ᠋ᠴᠢᠯᠠᠵᠤ ᠪᠠᠢᠭᠰᠠᠨ᠂ ᠣᠯᠠᠨ ᠬᠡᠯᠡ ᠶᠢ ᠵᠡᠷᠭᠡ ᠺᠣᠳ᠋ᠴᠢᠯᠠᠬᠤ ᠬᠠᠮᠲᠤ ᠭᠡᠷᠡᠭᠯᠡᠬᠦ ᠪᠣᠯᠣᠮᠵᠢ ᠦᠭᠡᠢ ᠪᠠᠢᠪᠠ᠃ ᠡᠢᠮᠦ ᠯᠠᠲ᠋ᠢᠨ ᠦᠰᠦᠭ ᠦᠨ ᠺᠣᠳ᠋ ᠶᠢᠨ ᠣᠷᠣᠨ ᠢ ᠬᠡᠷᠡᠭᠯᠡᠭᠰᠡᠨ ᠺᠣᠳ᠋ ᠢᠶᠠᠷ ᠮᠣᠩᠭᠣᠯ ᠪᠢᠴᠢᠭ ᠪᠣᠯᠣᠨ ᠯᠠᠲ᠋ᠢᠨ ᠦᠰᠦᠭ ᠢ ᠵᠠᠷᠭᠡᠴᠡᠭᠦᠯᠦᠨ ᠬᠡᠷᠡᠭᠯᠡᠬᠦ ᠳᠦ ᠬᠦᠴᠢᠷ ᠪᠠᠢᠯ᠎ᠠ᠃

ᠭᠡᠪᠡᠴᠦ ᠺᠣᠮᠫᠢᠦ᠋ᠲᠧᠷ ᠮᠠᠷᠭᠡᠵᠢᠯ ᠦᠨ ᠲᠦᠷᠭᠡᠨ ᠬᠥᠭᠵᠢᠯᠲᠡ ᠶᠢ ᠳᠠᠭᠠᠵᠤ᠂ ᠶᠢᠷᠡᠭᠡᠳ ᠣᠨ ᠤ ᠡᠬᠢᠨ 16bit ᠴᠠᠭ ᠦᠶ᠎ᠡ ᠬᠦᠷᠴᠦ ᠢᠷᠡᠪᠡ᠃ 16bit(216=65536) ᠺᠣᠳ᠋ᠴᠢᠯᠠᠬᠤ ᠪᠣᠯᠣᠮᠵᠢ ᠲᠠᠢ ᠪᠣᠯᠣᠭᠰᠠᠨ ᠪᠠᠢᠨ᠎ᠠ᠃ ᠮᠥᠨ ᠲᠡᠷᠡ ᠴᠠᠭ ᠦᠶ᠎ᠡ Unicode Consortium ᠪᠠᠢᠭᠤᠯᠤᠭᠳᠠᠵᠠᠢ᠃ ᠲᠡᠭᠡᠭᠡᠳ ᠮᠣᠩᠭᠣᠯ ᠪᠢᠴᠢᠭ ᠢ 1800-18FF ︵ᠠᠷᠪᠠᠨ ᠵᠢᠷᠭᠤᠭ᠎ᠠ ᠪᠠᠷ ᠳᠠᠪᠰᠢᠬᠤ ᠲᠣᠭ᠎ᠠ᠂ ᠠᠷᠪᠠᠲᠤ ᠪᠠᠷ 6144-6399︶ ᠭᠡᠬᠦ ᠬᠡᠪᠴᠢᠶᠡᠨ ᠳᠦ ᠺᠣᠳ᠋ᠴᠢᠯᠠᠬᠤ ᠶᠢ ᠲᠣᠳᠠᠭᠠᠭᠰᠠᠨ ᠪᠠᠢᠨ᠎ᠠ᠃ ᠶᠢᠷᠡᠭᠡᠳ ᠣᠨ ᠤ ᠰᠡᠭᠦᠯᠴᠢ ᠦᠨ ᠺᠣᠮᠫᠢᠦ᠋ᠲᠧᠷ ᠦᠨ ᠰᠠᠭᠤᠷᠢ ᠰᠢᠰᠲᠧᠮ ᠨᠢ windows 95 ᠵᠢᠴᠢ windows 98 ᠪᠣᠯᠵᠤ᠂ ᠮᠣᠩᠭᠣᠯ ᠪᠢᠴᠢᠭ ᠦᠨ ᠳᠦᠷᠰᠦ ᠶᠢᠨ ᠬᠣᠪᠢᠷᠠᠯᠳᠠ ᠶᠢ ᠳᠡᠮᠵᠢᠬᠦ ᠦᠭᠡᠢ ᠪᠠᠢᠯ᠎ᠠ᠃ ᠶᠠᠭ ᠡᠨᠡ ᠴᠠᠭ ᠦᠶ᠎ᠡ Unicode Consortium ᠴᠢᠯᠤᠭᠡᠳᠦ ᠭᠡᠷᠡᠭᠯᠡᠬᠦ ᠬᠡᠪᠴᠢᠶ᠎ᠡ ᠶᠢ ︵E00 -F8FF︶ ᠬᠡᠷᠡᠭᠯᠡᠭᠰᠡᠨ ᠺᠣᠳ᠋ᠴᠢᠯᠠᠬᠤ ᠠᠷᠭ᠎ᠠ ᠨᠤᠭᠤᠳ ᠢᠯᠡᠷᠡᠵᠡᠢ᠃ ᠲᠡᠭᠦᠨ ᠦ ᠲᠥᠯᠥᠭᠡᠯᠡᠭᠴᠢ ᠪᠦᠲᠦᠭᠡᠯ ᠪᠣᠯ ᠮᠥᠩᠬᠡ ᠭᠠᠯ᠂ ᠰᠠᠢᠨᠪᠢᠯᠢᠭ᠋ ᠦᠨ ᠮᠣᠩᠭᠣᠯ ᠹᠣᠨᠲ ᠪᠣᠯᠣᠨ᠎ᠠ᠃ ᠡᠳᠡᠭᠡᠷ ᠺᠣᠳ᠋ᠴᠢᠯᠠᠬᠤ ᠠᠷᠭ᠎ᠠ ᠨᠤᠭᠤᠳ ᠨᠢ ᠶᠠᠭ ᠨᠢᠭᠡᠳᠦᠭᠡᠷ ᠭᠡᠰᠡᠭ ᠶᠠᠷᠢᠭᠰᠠᠨ ᠵᠢᠱᠢᠶᠠᠨ ᠳ᠋ᠡᠬᠢ ᠨᠢᠭᠡ ᠠᠩᠭᠢ ᠶᠢᠨ ᠠᠳᠠᠯᠢ ᠨᠠᠷ᠎ᠠ ᠲᠠᠢ ᠰᠤᠷᠤᠭᠴᠢ ᠶᠢᠨ ᠦᠯᠢᠭᠡᠷ ᠢ ᠭᠠᠷᠭᠠᠨ᠂ ᠮᠥᠩᠬᠡ ᠭᠠᠯ ᠢᠶᠠᠷ ᠪᠢᠴᠢᠭᠰᠡᠨ ᠠᠭᠤᠯᠭ᠎ᠠ ᠶᠢ ᠰᠠᠢᠨᠪᠢᠯᠢᠭ᠋ ᠢᠶᠠᠷ ᠬᠠᠷᠠᠬᠤ ᠠᠷᠭ᠎ᠠ ᠦᠭᠡᠢ᠂ ᠰᠠᠢᠨᠪᠢᠯᠢᠭ᠋ ᠢᠶᠠᠷ ᠪᠢᠴᠢᠭᠰᠡᠨ ᠠᠭᠤᠯᠭ᠎ᠠ ᠮᠥᠩᠬᠡ ᠭᠠᠯ ᠢᠶᠠᠷ ᠬᠡᠷᠡᠭᠯᠡᠬᠦ ᠠᠷᠭ᠎ᠠ ᠦᠭᠡᠢ᠃ ᠪᠣᠳᠣᠯᠬᠢᠶᠠᠨ ᠲᠠᠢ ᠮᠥᠷᠳᠡᠭᠡᠨ ᠵᠣᠪᠠᠯᠠᠩ ᠲᠠᠢ ᠴᠠᠭ ᠲᠡᠭᠡᠨ ᠣᠷᠣᠵᠠᠢ᠃ ᠭᠣᠣᠯ ᠲᠣᠭᠯᠠᠭᠴᠢ ᠪᠣᠯᠬᠤ ᠮᠥᠩᠬᠡ ᠭᠠᠯ ᠬᠥᠮᠦᠰ ᠦᠨ ᠮᠥᠩᠬᠡ ᠭᠠᠯ ᠲᠠᠢ ᠠᠳᠠᠯᠢ ᠺᠣᠳ᠋ ᠬᠡᠷᠡᠭᠯᠡᠬᠦ ᠶᠢ ᠰᠡᠷᠡᠮᠵᠢᠯᠡᠵᠦ ᠪᠠᠰᠠ ᠣᠨᠴᠠ ᠠᠰᠢᠭ ᠡᠷᠬᠡ ᠶᠢ ︵patent right︶ ᠡᠷᠡᠮᠵᠢᠯᠡᠭᠰᠡᠨ ᠪᠠᠢᠯ᠎ᠠ᠃

ᠮᠥᠨ ᠲᠡᠷᠡ ᠦᠶ᠎ᠡ᠂ ᠳᠡᠯᠡᠬᠡᠢ ᠶᠢᠨ ᠡᠯ᠎ᠡ ᠦᠳᠦᠰᠦᠳᠡᠳ ᠦᠪᠡᠷ ᠦᠪᠡᠷ ᠦᠨ ᠦᠰᠦᠭ ᠪᠢᠴᠢᠭ ᠢᠶᠡᠷ ᠪᠠᠷᠢᠮᠵᠢᠶ᠎ᠠ ᠺᠣᠳ᠋ ᠣᠷᠤᠭᠤᠯᠵᠤ ᠶᠦᠨᠢᠺᠥᠳ᠋ ᠢ ᠬᠡᠷᠡᠭᠯᠡᠬᠦ ᠪᠣᠯᠪᠠ᠃ ᠲᠣᠬᠠᠢ ᠶᠢᠨ ᠦᠶ᠎ᠡ᠂ Apple ᠺᠣᠮᠫᠠᠨᠢ AAT ᠮᠡᠷᠭᠡᠵᠢᠯ ᠢᠶᠡᠷ ᠡᠯ᠎ᠡ ᠵᠦᠢᠯ ᠦᠨ ᠬᠡᠯᠡ ᠶᠢ (ᠮᠣᠩᠭᠣᠯ ᠬᠡᠯᠡ ᠪᠠᠭᠳᠠᠨ᠎ᠠ) ᠬᠡᠷᠡᠭᠯᠡᠬᠦ ᠪᠣᠯᠤᠮᠵᠢᠲᠠᠢ ᠪᠣᠯᠣᠭᠰᠠᠨ ᠪᠦᠭᠡᠳ ᠬᠡᠷᠡᠭᠯᠡᠭᠴᠢ ᠴᠥᠭᠡᠬᠡᠨ ᠵᠢᠵᠢᠭ ᠬᠡᠯᠡ ᠶᠢ ᠳᠡᠮᠵᠢᠬᠦ ᠦᠭᠡᠢ ᠪᠠᠢᠭᠰᠠᠨ ᠴᠤ Windows ᠪᠣᠯᠤᠨ Linux ᠰᠠᠭᠤᠷᠢ ᠰᠢᠰᠲᠧᠮ ᠳᠦ SIL.org ᠪᠠᠢᠭᠤᠯᠣᠯ ᠤᠨ Graphite ᠮᠡᠷᠭᠡᠵᠢᠯ ᠢᠶᠡᠷ ᠳᠡᠮᠵᠢᠵᠤ ᠶᠦᠨᠢᠺᠥᠳ᠋ ᠢ ᠬᠡᠷᠡᠭᠯᠡᠬᠦ ᠪᠣᠯᠣᠮᠵᠢ ᠲᠠᠢ ᠪᠠᠢᠪᠠ᠃ ᠬᠠᠷᠠᠮᠰᠠᠯᠲᠠᠢ ᠨᠢ ᠮᠣᠩᠭᠣᠯ ᠪᠢᠴᠢᠭ᠂ ᠮᠥᠩᠬᠡ ᠭᠠᠯ ᠤᠨ ᠺᠣᠳ᠋ ᠢ ᠰᠣᠩᠭᠣᠵᠤ ᠥᠭᠡᠷ᠎ᠡ ᠨᠢᠭᠡ ᠰᠢᠢᠳᠪᠦᠷᠢᠯᠡᠬᠦ ᠠᠷᠭ᠎ᠠ ᠶᠢ ᠰᠣᠩᠭᠣᠭᠰᠠᠨ ᠪᠠᠢᠨ᠎ᠠ᠃

2005 ᠣᠨ ᠳᠤ᠂ Windows Vista ᠭᠡᠬᠦ ᠮᠣᠩᠭᠣᠯ ᠪᠢᠴᠢᠭ ᠦᠨ ᠪᠤᠳᠤᠯᠢᠶᠠᠨᠲᠠᠢ ᠲᠦᠷᠰᠦ ᠬᠤᠪᠢᠷᠠᠬᠤ ᠶᠣᠰᠤ ᠶᠢ ᠳᠡᠮᠵᠢᠭᠰᠡᠨ ᠠᠩᠬᠠᠳᠠᠭᠴᠢ ᠰᠠᠭᠤᠷᠢ ᠰᠢᠰᠲᠧᠮ ᠨᠡᠢᠲᠡᠯᠡᠭᠳᠡᠵᠡᠢ᠃ ᠬᠠᠷᠠᠮᠰᠠᠯᠲᠠᠢ ᠨᠢ ᠳᠡᠭᠦᠨ ᠦ ᠠᠷᠪᠠᠨ ᠵᠢᠯ ᠦᠨ ᠲᠠᠷᠠᠭᠠᠬᠢ ᠥᠨᠥᠳᠦᠷ ᠮᠣᠩᠭᠣᠯ ᠪᠢᠴᠢᠭ ᠦᠨ ᠺᠣᠳ᠋ᠴᠢᠯᠠᠬᠤ ᠠᠵᠢᠯ ᠪᠠᠰᠠ ᠯᠡ ᠤᠬ ᠣᠷᠣᠨ ᠳᠠᠭᠠᠨ ᠠᠯᠬᠤᠭᠰᠠᠭᠠᠷ ᠶᠠᠮᠠᠷᠴᠤ ᠬᠦᠭᠵᠢᠯᠲᠡ ᠭᠡᠵᠦ ᠪᠠᠢᠬᠤ ᠦᠭᠡᠢ ᠪᠠᠢᠨ᠎ᠠ᠃ ︽ᠨᠢᠭᠡ ᠰᠠᠮᠵᠠ ᠳᠤ ᠺᠣᠮᠫᠢᠦ᠋ᠲᠧᠷ ᠦᠨ ᠳᠠᠷᠤᠪᠴᠢ ᠥᠭᠭᠦᠭᠡᠳ ᠠᠷᠪᠠᠨ ᠵᠢᠯ ᠳᠠᠷᠤᠭᠤᠯᠤᠭᠰᠠᠨ ᠴᠤ ᠨᠢᠭᠡ ᠪᠠᠳᠠᠭ ᠰᠢᠯᠦᠭ ᠪᠢᠴᠢᠭᠰᠡᠨ ᠪᠠᠢᠵᠤ ᠮᠠᠭᠠᠳ︾ ᠭᠡᠵᠦ ᠬᠥᠮᠦᠰ ᠬᠡᠯᠡᠭᠳᠡᠭ᠃ ᠬᠡᠷᠪᠡ ᠦᠨᠡᠨ ᠪᠣᠯ᠂ ᠬᠠᠷᠢᠨ ᠮᠣᠩᠭᠣᠯ ᠪᠢᠴᠢᠭ ᠦᠨ ᠶᠦᠨᠢᠺᠥᠳ᠋ ᠦᠨ ᠠᠵᠢᠯ ᠰᠠᠮᠵᠠ ᠪᠠᠷ ᠨᠠᠢᠳᠠᠭᠰᠠᠨ ᠪᠣᠯ ᠪᠠᠢᠳᠠᠯ ᠣᠳᠣ ᠶᠢᠨ ᠪᠠᠢᠳᠠᠯ ᠠᠴᠠ ᠳᠡᠭᠡᠷ᠎ᠡ ᠪᠠᠢᠵᠤ ᠮᠠᠭᠠᠳ ᠡ᠃

ᠭᠤᠷᠪᠠ᠂ ᠳᠦᠷᠰᠦ ᠬᠤᠪᠢᠷᠠᠬᠤ ᠶᠣᠰᠤᠨ

ᠨᠢᠭᠡ᠂ ᠬᠣᠶᠠᠳᠤᠭᠠᠷ ᠭᠡᠰᠡᠭ ᠲᠦ ᠪᠢᠳᠡ ᠺᠣᠳ᠋ ᠤᠨ ᠲᠣᠬᠠᠢ ᠣᠢᠯᠭᠠᠯ᠎ᠠ᠃ ᠡᠨᠡ ᠭᠡᠰᠡᠭ ᠲᠦ ᠳᠦᠷᠰᠦ ᠬᠤᠪᠢᠷᠠᠬᠤ ᠳᠦᠷᠢᠮ ᠦᠨ ᠲᠤᠬᠠᠢ ᠪᠠᠭ᠎ᠠ ᠶᠠᠷᠢᠶ᠎ᠠ᠃ ᠮᠣᠩᠭᠣᠯ ᠬᠡᠯᠡᠨ ᠦ ᠠᠪᠢᠶ᠎ᠠ ᠦᠭᠡᠨ ᠡᠬᠢᠨ᠂ ᠳᠤᠮᠳᠠ᠂ ᠠᠳᠠᠭ ᠲᠤ ᠣᠷᠤᠬᠤ ᠦᠶᠡᠰ᠂ ᠡᠰᠡᠭᠦᠯ᠎ᠡ ᠡᠮᠦᠨ᠎ᠡ ᠬᠣᠢᠨ᠎ᠠ ᠠᠪᠢᠶ᠎ᠠ ᠨᠢ ᠠᠳᠠᠯᠢ ᠪᠤᠰᠤ ᠶᠢ ᠦᠨᠳᠡᠰᠦᠯᠡᠨ ᠲᠦᠷᠰᠦ ᠬᠤᠪᠢᠷᠠᠳᠠᠭ᠃ ᠮᠣᠩᠭᠣᠯ ᠬᠡᠯᠡᠨ ᠦ ᠶᠦᠨᠢᠺᠥᠳ᠋ ᠠᠪᠢᠶ᠎ᠠ ᠨᠢᠭᠡ ᠪᠦᠷᠢ ᠳᠦ ᠨᠢᠭᠡ ᠺᠣᠳ᠋ ᠥᠭᠭᠦᠭᠰᠡᠨ ᠪᠣᠯᠪᠠᠴᠤ᠂ ᠳᠦᠷᠰᠦ ᠨᠢᠭᠡ ᠪᠦᠷᠢ ᠳᠦ ᠺᠣᠳ᠋ ᠲᠠᠢ ᠪᠢᠰᠢ᠃ ᠵᠢᠱᠢᠶᠠᠯᠠᠪᠠᠯ᠄ ᠺᠣᠳ᠋ 1820 ᠪᠣᠯ ︽ᠠ︾᠂ ᠲᠦᠷᠰᠦ ︽ᠠ᠊᠂ ᠊ᠠ᠊᠂ ᠊ᠠ ᠁︾ ᠺᠣᠳ᠋ ᠴᠤ 1820᠂ ᠺᠣᠮᠫᠢᠦ᠋ᠲᠧᠷ ᠦᠨ 1820 ᠢᠯᠠᠷᠡᠭᠦᠯᠬᠦ ᠦᠶᠡᠰ ᠨᠢᠭᠡ ᠪᠣᠳᠣᠯᠭ᠎ᠠ ᠶᠢᠨ ᠳᠦᠷᠢᠮ ᠢᠶᠡᠷ ᠠᠯᠢ ᠳᠦᠷᠰᠦ ᠶᠢ ᠢᠯᠡᠷᠡᠭᠦᠯᠬᠦ ᠶᠢ ᠪᠣᠳᠤᠵᠤ ᠭᠠᠷᠭᠠᠳᠠᠭ᠃ ᠡᠨᠡ ᠳᠦᠷᠢᠮ ᠦᠳ ᠢ ᠡᠨᠳᠡ ᠲᠦᠷ ︽ᠳᠦᠷᠰᠦ ᠬᠤᠪᠢᠷᠠᠬᠤ ᠶᠣᠰᠤ︾ ᠭᠡᠵᠦ ᠨᠡᠷᠡᠯᠡᠪᠡ᠃
ᠮᠣᠩᠭᠣᠯ ᠪᠢᠴᠢᠭ ᠦᠨ ᠶᠦᠨᠢᠺᠥᠳ᠋ ᠨᠡᠢᠲᠡᠯᠡᠭᠳᠡᠭᠡᠳ ᠬᠣᠷᠢᠨ ᠵᠢᠯ ᠪᠣᠯᠬᠤ ᠭᠡᠵᠦ ᠪᠠᠢᠨ᠎ᠠ᠃ ᠭᠡᠷᠡᠭᠯᠡᠯᠲᠡ ᠳᠦ ᠣᠷᠤᠭ᠎ᠠ ᠦᠭᠡᠢ ᠶᠢᠨ ᠨᠢᠭᠡ ᠰᠢᠯᠲᠠᠭᠠᠨ ᠪᠣᠯ ᠳᠦᠷᠰᠦ ᠬᠤᠪᠢᠷᠠᠬᠤ ᠶᠣᠰᠤ ᠶᠢ ᠰᠢᠨᠵᠢᠯᠡᠬᠦ ᠣᠬᠠᠭᠠᠨᠴᠢ ᠪᠠᠷ ᠰᠠᠢᠬᠠᠨ ᠳᠣᠭᠲᠠᠭᠠᠵᠤ ᠴᠢᠳᠠᠭ᠎ᠠ ᠦᠭᠡᠢ ᠶᠢᠨ ᠤᠴᠢᠷ ᠲᠤ ᠪᠠᠢᠨ᠎ᠠ᠃

ᠡᠨᠳᠡ ᠠᠩᠬᠠᠷᠠᠬᠤ ᠴᠢᠬᠤᠯᠠ ᠵᠦᠢᠯ ᠪᠤᠯ ᠰᠢᠨᠵᠢᠯᠡᠬᠦ ᠤᠬᠠᠭᠠᠨ ᠤ ᠨᠢᠭᠡ ᠦᠨᠳᠦᠰᠦᠨ ᠵᠠᠷᠴᠢᠮ ᠪᠣᠯ ᠵᠦᠪ ᠪᠤᠷᠤᠭᠤ ᠶᠢ ᠰᠢᠯᠭᠠᠵᠤ ᠪᠣᠯᠬᠤ ᠴᠢᠨᠠᠷ᠃ ᠭᠡᠪᠡᠴᠦ ᠣᠳᠣᠬᠠᠨ ᠤ ᠳᠦᠷᠰᠦ ᠬᠤᠪᠢᠷᠠᠬᠤ ᠶᠣᠰᠤ ᠳ᠋ᠡᠬᠢ ᠣᠯᠠᠩᠬᠢ ᠳᠦᠷᠢᠮ ᠨᠢ ᠪᠦᠷ ᠬᠤᠪᠢ ᠬᠥᠮᠦᠨ ᠦᠵᠡᠯᠳᠡ ᠨᠦᠭᠦᠳ ᠡᠴᠡ ᠪᠢᠰᠢ᠂ ᠬᠠᠷᠢᠨ ᠨᠤᠲᠠᠯᠠᠯᠲᠠ ᠲᠠᠢ ᠰᠢᠨᠵᠢᠯᠡᠬᠦ ᠤᠬᠠᠭᠠᠨᠴᠢ ᠳᠦᠷᠢᠮ ᠪᠣᠯᠵᠤ ᠴᠢᠳᠠᠭ᠎ᠠ ᠦᠭᠡᠢ ᠪᠠᠢᠨ᠎ᠠ᠃ ᠶᠠᠭ ᠡᠢᠮᠦ ᠡᠴᠡ ᠰᠢᠨᠵᠢᠯᠡᠬᠦ ᠤᠬᠠᠭᠠᠨᠴᠢ ᠰᠠᠨᠠᠯ ᠪᠠ ᠰᠢᠨᠵᠢᠯᠡᠬᠦ ᠤᠬᠠᠭᠠᠨᠴᠢ ᠪᠤᠰᠤ ᠰᠠᠨᠠᠯ ᠬᠤᠳᠬᠤᠯᠳᠤᠭᠠᠳ ᠭᠡᠷᠡᠭᠯᠡᠯᠲᠡ ᠶᠢ ᠬᠠᠷᠰᠢᠯᠠᠵᠤ ᠪᠠᠢᠨ᠎ᠠ᠃

ᠵᠢᠱᠢᠶᠡᠯᠡᠪᠡᠯ᠄ ᠵᠠᠷᠢᠮ ᠡᠷᠳᠡᠮᠲᠡᠳ ᠮᠣᠩᠭᠣᠯ ᠪᠢᠴᠢᠭ ᠬᠣᠣᠰ ᠡᠭᠡᠰᠢᠭ ᠦᠭᠡᠢ ᠭᠡᠵᠦ ᠦᠭᠦᠨ ᠪᠠᠵᠢᠮᠲᠠᠯᠠᠨ᠂ ︽ᠢ 1822︾ ᠡᠭᠡᠰᠢᠭ ᠦᠨ ︽᠊ᠢᠢ᠊ ︵ᠬᠣᠣᠰ ᠰᠢᠯᠪᠢ︶︾ ᠳᠦᠷᠰᠦ ᠶᠢ ᠳᠦᠷᠰᠦ ᠬᠤᠪᠢᠷᠠᠬᠤ ᠶᠣᠰᠣᠨ ᠡᠴᠡ ᠬᠠᠰᠤᠭᠰᠠᠨ ᠪᠠᠢᠨ᠎ᠠ᠃ ᠲᠡᠭᠡᠭᠡᠳ ᠡᠳᠡᠭᠡᠷ ᠬᠥᠮᠦᠰ ᠦᠨ ᠶᠡᠷᠦ ᠲᠡᠦᠬᠡᠨ ᠳᠦ ᠤᠴᠢᠷ ᠢ ᠶᠠᠷᠢᠬᠤ ᠠᠴᠠ ᠪᠣᠳᠠᠳᠠᠢ ᠨᠤᠲᠠᠯᠠᠯᠲᠠ ᠭᠢᠳᠡᠭ ᠦᠭᠡᠢ᠃ ᠬᠡᠷᠪᠡ ᠲᠡᠦᠬᠡᠨ ᠳ᠋ᠡᠬᠢ ᠦᠵᠡᠯᠲᠡ ᠪᠡᠷ ᠦᠨᠡᠨ ᠶᠣᠰᠣ ᠶᠢ ᠭᠡᠷᠡᠴᠢᠯᠡᠵᠦ ᠪᠣᠯᠬᠤ ᠶᠤᠮ ᠪᠣᠯ ᠳᠣᠣᠷᠠᠬᠢ ᠮᠡᠳᠦ ᠦᠵᠡᠯᠳᠡ ᠴᠤ ᠵᠥᠪ ᠪᠣᠯᠬᠤ ᠪᠢᠰᠢ ᠤᠤ︖ ᠬᠥᠮᠦᠨ ᠲᠥᠷᠥᠯᠬᠢᠲᠡᠨ ᠦ ᠪᠣᠯᠪᠠᠰᠤᠨ ᠲᠡᠦᠬᠡᠨ ᠳᠦ ᠬᠥᠮᠦᠰ ᠮᠢᠩᠭᠠᠳ ᠵᠢᠯ ᠦᠨ ᠲᠤᠷᠰᠢ ᠨᠠᠷᠠ ᠳᠡᠯᠡᠬᠡᠢ ᠶᠢ ᠲᠣᠭᠤᠷᠢᠳᠠᠭ ᠭᠡᠵᠦ ᠪᠠᠢᠯ᠎ᠠ᠃ ᠡᠢᠮᠦ ᠡᠴᠡ ᠨᠠᠷᠠ ᠳᠡᠯᠡᠬᠡᠢ ᠶᠢᠨ ᠪᠥᠮᠪᠥᠷᠴᠡᠭ ᠢ ᠲᠣᠭᠤᠷᠢᠳᠠᠭ ᠭᠡᠵᠦ ᠦᠵᠡᠵᠦ ᠪᠣᠯᠬᠤ ᠤᠤ︖ ᠪᠣᠯᠬᠤ ᠦᠭᠡᠢ᠂ ᠥᠨᠥᠳᠦᠷ ᠰᠢᠨᠵᠢᠯᠡᠬᠦ ᠣᠬᠠᠭᠠᠨ ᠨᠢᠭᠡᠨᠳᠡ ᠳᠡᠯᠡᠬᠡᠢ ᠨᠠᠷᠠ ᠶᠢ ᠲᠣᠭᠤᠷᠢᠳᠠᠭ ᠭᠡᠷᠡᠴᠢᠯᠡᠭᠰᠡᠨ ᠪᠠᠢᠨ᠎ᠠ᠃ ᠲᠡᠦᠬᠡ ᠪᠡᠷ ᠥᠨᠥᠳᠦᠷ ᠢ ᠭᠡᠷᠡᠴᠢᠯᠡᠬᠦ ᠨᠢ ᠶᠠᠮᠠᠷ ᠴᠤ ᠯᠣᠭᠢᠭ ᠤᠨ ᠰᠠᠭᠤᠷᠢ ᠦᠭᠡᠢ᠃
ᠮᠣᠩᠭᠣᠯ ᠬᠡᠯᠡᠨ ᠳᠦ ᠬᠣᠣᠰ ᠡᠭᠡᠰᠢᠭ ᠲᠠᠢ᠂ ᠡᠨᠡ ᠪᠣᠯ ᠮᠠᠷᠭᠠᠰᠢ ᠦᠭᠡᠢ ᠦᠨᠡᠨ ᠶᠣᠰᠣ ᠶᠤᠮ᠃ ᠮᠣᠩᠭᠣᠯ ᠪᠢᠴᠢᠭ ᠪᠣᠯ ᠮᠣᠩᠭᠣᠯ ᠬᠡᠯᠡ ᠶᠢ ᠲᠡᠮᠳᠡᠭᠯᠡᠭᠰᠡᠨ ᠦᠰᠦᠭ᠂ ᠡᠢᠮᠦ ᠡᠴᠡ ᠮᠣᠩᠭᠣᠯ ᠪᠢᠴᠢᠭ ᠲᠦ ᠬᠣᠣᠰ ᠡᠭᠡᠰᠢᠭ ᠲᠠᠢ᠃ ᠨᠢᠭᠡ ᠠᠮᠢᠳᠤ ᠵᠢᠱᠢᠶ᠎ᠡ ᠪᠣᠯ ᠮᠣᠩᠭᠣᠯ ᠬᠡᠯᠡᠨ ᠦ ᠬᠠᠯᠬ᠎ᠠ ᠠᠶᠠᠯᠭ᠎ᠠ ᠶᠢ ᠲᠡᠮᠳᠡᠭᠯᠡᠭᠰᠡᠨ ᠺᠢᠷᠢᠯ ᠪᠢᠴᠢᠭ ᠲᠦ ᠬᠣᠣᠰ ᠡᠭᠡᠰᠢᠭ ᠲᠠᠢ ᠪᠠᠢᠳᠠᠭ᠃ ᠥᠪᠦᠷ ᠮᠣᠩᠭᠣᠯ ᠳᠤ ᠴᠠᠬᠠᠷ ᠠᠶᠠᠯᠭ᠎ᠠ ᠪᠠᠷ ᠪᠠᠷᠢᠮᠵᠢᠶ᠎ᠠ ᠠᠶᠠᠯᠭ᠎ᠠ ᠪᠣᠯᠭᠠᠳᠠᠭ᠃ ᠡᠷᠳᠡᠮᠲᠡᠳ ᠴᠠᠬᠠᠷ ᠠᠶᠠᠯᠭ᠎ᠠ ᠪᠠᠷ ᠪᠠᠷᠢᠮᠵᠢᠶ᠎ᠠ ᠪᠣᠯᠭᠠᠨ ᠰᠣᠳᠤᠯᠭᠠᠨ ᠭᠡᠪᠡᠯ ᠵᠣᠬᠢᠨ᠎ᠠ᠂ ᠬᠠᠷᠢᠨ ᠪᠡᠶ᠎ᠡ ᠪᠡᠨ ᠥᠮᠥᠭᠯᠡᠵᠦ᠂ ᠮᠣᠩᠭᠣᠯ ᠬᠡᠯᠡᠨ ᠦ ᠪᠢᠴᠢᠭ ᠬᠡᠯᠡ ᠭᠡᠵᠦ ᠰᠣᠯᠢᠶᠠᠷᠬᠤ ᠪᠠᠨ ᠪᠣᠯᠢᠬᠤ ᠶᠢ ᠬᠦᠰᠡᠶ᠎ᠡ᠃ ︵ᠲᠡᠳᠡᠨ ᠦ ᠮᠣᠩᠭᠣᠯ ᠬᠡᠯᠡᠨ ᠦ ᠪᠢᠴᠢᠭ ᠬᠡᠯᠡ ᠭᠡᠳᠡᠭ ᠨᠢ ᠮᠣᠩᠭᠣᠯ ᠪᠢᠴᠢᠭ ᠢ ᠵᠢᠭᠠᠵᠤ ᠪᠠᠢᠨ᠎ᠠ᠃ ᠮᠣᠩᠭᠣᠯ ᠬᠡᠯᠡᠨ ᠦ ᠪᠢᠴᠢᠭ ᠬᠡᠯᠡ ᠳᠦ ᠬᠣᠣᠰ ᠡᠬᠡᠰᠢᠭ ᠦᠭᠡᠢ ᠡᠴᠡ ᠮᠣᠩᠭᠣᠯ ᠪᠢᠴᠢᠭ ᠲᠦ ᠬᠣᠣᠰ ᠡᠬᠡᠰᠢᠭ ᠦᠭᠡᠢ ᠭᠡᠳᠡᠭ ᠨᠢ ︽ᠮᠣᠩᠭᠣᠯ ᠪᠢᠴᠢᠭ ᠲᠦ ᠬᠣᠣᠰ ᠡᠭᠡᠰᠢᠭ ᠦᠭᠡᠢ᠂ ᠡᠢᠮᠦ ᠡᠴᠡ ᠮᠣᠩᠭᠣᠯ ᠪᠢᠴᠢᠭ ᠲᠦ ᠬᠣᠣᠰ ᠡᠭᠡᠰᠢᠭ ᠦᠭᠡᠢ︾ ᠭᠡᠵᠦ ᠥᠪᠡᠷ ᠦᠨ ᠪᠡᠶ᠎ᠡ ᠪᠡᠷ ᠨᠢ ᠥᠪᠡᠷ ᠦᠨ ᠪᠡᠶ᠎ᠡ ᠶᠢ ᠭᠡᠷᠡᠴᠡᠯᠡᠭᠰᠡᠨ ᠯᠣᠬᠢᠭ ᠤᠨ ᠠᠯᠳᠠᠭ᠎ᠠ ᠪᠢᠰᠢ ᠤᠤ᠃︶

ᠳᠡᠭᠡᠷ᠎ᠡ ᠪᠢᠳᠡ ᠵᠢᠱᠢᠶ᠎ᠡ ᠪᠡᠷ ᠳᠡᠮᠵᠢᠵᠦ ᠪᠢᠳᠡ ᠶᠠᠭᠠᠬᠢᠭᠠᠳ ᠣᠳᠣ ︵᠒᠐᠑᠖ ᠣᠨ︶ ᠬᠦᠷᠲᠡᠯ᠎ᠡ ᠰᠢᠨᠵᠢᠯᠡᠬᠦ ᠣᠬᠠᠭᠠᠨᠴᠢ ᠳᠦᠷᠰᠦ ᠬᠤᠪᠢᠷᠠᠬᠤ ᠶᠣᠰᠣ ᠦᠭᠡᠢ ᠶᠢ ᠣᠴᠢᠷ ᠢ ᠨᠢ ᠣᠢᠯᠭᠠᠯ᠎ᠠ᠃ ᠳᠠᠷᠠᠭᠠᠴᠢ ᠶᠢᠨ ᠭᠡᠰᠡᠭ ᠢ ᠮᠣᠩᠭᠣᠯ ᠪᠢᠴᠢᠭ ᠦᠨ ᠺᠣᠮᠫᠢᠦ᠋ᠲᠧᠷ ᠲᠦ ᠬᠡᠷᠡᠭᠯᠡᠬᠦ ᠣᠷᠴᠢᠨ ᠢ ᠳᠥᠭᠦᠮ ᠳᠠᠨᠢᠯᠴᠠᠭᠤᠯᠤᠶ᠎ᠠ᠃

ᠳᠥᠷᠪᠡ᠂ ᠤᠬᠠᠭᠠᠯᠢᠭ ᠹᠣᠨᠲ ᠢᠶᠠᠨ ᠭᠡᠷᠡᠭᠯᠡᠵᠦ ᠪᠣᠯᠬᠤ ᠣᠷᠴᠢᠨ

ᠵᠠ᠂ ᠪᠢᠳᠡ ᠳᠥᠷᠰᠦ ᠬᠤᠪᠢᠷᠠᠬᠤ ᠶᠣᠰᠣ ᠶᠢ ᠪᠠᠭ᠎ᠠ ᠣᠢᠯᠠᠭᠠᠯ᠎ᠠ᠃ ᠡᠨᠡ ᠬᠡᠰᠡᠭ ᠪᠢᠳᠡ ᠳᠥᠷᠰᠦ ᠬᠤᠪᠢᠷᠠᠬᠤ ᠶᠣᠰᠣ ᠶᠢ ᠦᠷᠭᠦᠯᠵᠢᠯᠡᠨ ᠰᠤᠷᠤᠯᠴᠠᠶ᠎ᠠ᠃ ︽ᠳᠥᠷᠰᠦ ᠬᠤᠪᠢᠷᠠᠬᠤ ᠶᠣᠰᠣ ᠶᠢ︾ ᠬᠡᠷᠡᠭᠯᠡᠬᠦ ᠠᠷᠭ᠎ᠠ ᠪᠣᠯ ᠪᠢᠳᠡ ᠡᠳᠡᠭᠡᠷ ᠳᠦᠷᠢᠮ ᠢ ᠨᠢᠭᠡ ᠨᠢᠭᠡ ᠵᠤᠷᠪᠤᠰ ᠢᠶᠠᠷ ᠹᠣᠨᠲ ᠲᠤ ︵ᠹᠣᠨᠲ ᠭᠡᠵᠦ ᠦᠰᠦᠭ ᠦᠨ ᠲᠢᠭ ᠲᠣᠭ᠎ᠠ ᠪᠠᠷ ᠢᠯᠡᠷᠡᠭᠢᠯᠡᠭᠰᠡᠨ ᠹᠠᠢᠯ︶ ᠪᠢᠴᠢᠵᠦ ᠣᠷᠣᠭᠤᠯᠬᠤ ᠴᠢᠬᠤᠯᠠ ᠲᠠᠢ ᠡᠢᠮᠦ ᠳᠣᠲᠣᠷ᠎ᠠ ᠨᠢ ᠳᠦᠷᠰᠦ ᠬᠤᠪᠢᠷᠠᠬᠤ ᠶᠣᠰᠣ ᠲᠠᠢ ᠹᠣᠨᠲ ᠢ ᠤᠬᠠᠭᠠᠯᠢᠭ ᠹᠣᠨᠲ ᠭᠡᠨ᠎ᠡ

ᠮᠣᠩᠭᠣᠯ ᠪᠢᠴᠢᠭ ᠢ ᠺᠣᠮᠫᠢᠦ᠋ᠲᠧᠷ ᠲᠦ ᠬᠡᠷᠡᠭᠯᠡᠶ᠎ᠡ ᠭᠡᠪᠡᠯ ᠵᠠᠪᠠᠯ ᠣᠬᠠᠭᠠᠯᠢᠭ ᠹᠣᠨᠲ ᠭᠡᠷᠡᠭᠯᠡᠬᠦ ᠪᠣᠯᠣᠮᠵᠢ ᠲᠠᠢ ᠣᠷᠴᠢᠨ ᠱᠠᠭᠠᠷᠳᠠᠭᠳᠠᠨ᠎ᠠ᠃ ᠬᠣᠶᠠᠳᠤᠭᠠᠷ ᠭᠡᠰᠡᠭ ᠲᠦ ᠪᠢᠳᠡ Windows Vista ᠪᠣᠯ ᠠᠩᠬᠠᠳᠤᠭᠠᠷ ᠮᠣᠩᠭᠣᠯ ᠪᠢᠴᠢᠭ ᠢ ᠳᠡᠮᠵᠢᠭᠰᠡᠨ ᠰᠠᠭᠤᠷᠢ ᠰᠢᠰᠲᠧᠮ ᠭᠡᠵᠦ ᠲᠠᠨᠢᠯᠴᠠᠭᠤᠯᠤᠭᠰᠠᠨ᠂ ᠦᠨᠡᠨ ᠳᠡᠭᠡᠨ ᠡᠨᠡ ᠬᠡᠯᠡᠯᠭᠡ ᠣᠨᠤᠪᠴᠢ ᠦᠭᠡᠢ᠃ ᠣᠨᠤᠪᠴᠢ ᠲᠠᠢ ᠬᠡᠯᠡᠪᠡᠯ ᠪᠣᠯ᠂ Windows Vista ᠪᠣᠯ ᠠᠩᠬᠠᠳᠤᠭᠠᠷ ᠳᠣᠲᠣᠭᠠᠳᠤ ᠳᠤ ᠪᠠᠨ ᠮᠣᠩᠭᠣᠯ ᠪᠢᠴᠢᠭ ᠦᠨ ᠹᠣᠨᠲ ᠲᠠᠢ ᠰᠠᠭᠤᠷᠢ ᠰᠢᠰᠲᠧᠮ᠃

ᠳᠣᠣᠷᠠᠬᠢ ᠬᠦᠰᠦᠨᠦᠭᠲᠦ ᠶᠢ ᠬᠠᠷᠠᠶ᠎ᠠ᠃

ᠤᠬᠠᠭᠠᠯᠢᠭ ᠹᠣᠨᠲ
ᠹᠣᠨᠲ ᠤᠨ ᠲᠥᠷᠥᠯ ᠰᠠᠭᠤᠷᠢ ᠰᠢᠰᠲᠧᠮ ᠰᠢᠰᠲᠧᠮ ᠢ ᠲᠦᠰᠢᠬᠦ ᠦᠭᠡᠢ ᠰᠣᠹᠲ ᠳᠦᠷᠰᠦ ᠬᠤᠪᠢᠷᠠᠭᠠᠬᠤ ᠬᠥᠳᠡᠯᠭᠡᠭᠦᠷ
text shaping engine
Graphite (SIL) Windows, Linux, Mac LibreOffice, Firefox Graphite
OpenType Windows, Linux, Mac Chrome, Firefox, LibreOffice HarfBuzz, Uniscribe,
DirectWrite, Core Text
AAT Mac Core Text, QuickDraw, HarfBuzz

ᠬᠦᠰᠦᠨᠦᠭ ᠲᠦ ᠪᠦᠬᠦ ᠰᠠᠭᠤᠷᠢ ᠰᠢᠰᠲᠧᠮ᠂ ᠰᠣᠹᠲ᠂ ᠬᠥᠳᠡᠯᠭᠡᠭᠦᠷ ᠮᠣᠩᠭᠣᠯ ᠪᠢᠴᠢᠭ ᠦᠨ ᠣᠬᠠᠭᠠᠯᠢᠭ ᠹᠣᠨᠲ ᠢ ᠳᠡᠮᠵᠢᠨ᠎ᠡ᠃ ᠣᠳᠣ ᠳᠤᠲᠠᠭᠳᠠᠵᠤ ᠪᠠᠢᠭ᠎ᠠ ᠨᠢ ᠨᠢᠭᠡ ᠰᠢᠨᠵᠢᠯᠡᠬᠦ ᠣᠬᠠᠭᠠᠨᠴᠢ ᠳᠦᠷᠰᠦ ᠬᠤᠪᠢᠷᠠᠬᠤ ᠶᠣᠰᠣᠨ᠂ ᠡᠳᠡᠭᠡᠷ ᠶᠣᠰᠣ ᠶᠢ ᠳᠠᠭᠠᠭᠰᠠᠨ ᠨᠢᠭᠡ ᠢᠵᠢ ᠹᠣᠨᠲ᠂᠃

ᠲᠠᠪᠤ᠂ ᠶᠦᠨᠢᠺᠥᠳ᠋ ᠦᠨ ᠶᠢᠰᠤᠳᠤᠭᠡᠷ ᠬᠤᠪᠢᠯᠪᠤᠷᠢ ᠪᠠᠰᠠ ᠪᠣᠯᠤᠭ᠎ᠠ ᠦᠭᠡᠢ ᠯᠡ ᠪᠠᠢᠨ᠎ᠠ

ᠬᠠᠭᠤᠳᠠᠰᠤ ᠶᠢᠨ ᠬᠢᠵᠠᠭᠠᠷ ᠪᠠ ᠵᠣᠬᠢᠶᠠᠯ ᠤᠨ ᠵᠣᠷᠢᠯᠭ᠎ᠠ ᠶᠢᠨ ᠬᠢᠵᠠᠭᠠᠷ ᠠᠴᠠ ᠪᠣᠯᠬᠤ ᠡᠨᠳᠡ ᠵᠥᠪᠭᠡᠨ ︽ᠠ 1820︾᠂ ︽ᠢ 1822︾ ᠵᠢᠱᠢᠶ᠎ᠡ ᠪᠣᠯᠭᠠᠨ ᠵᠠᠳᠠᠯᠤᠨ ᠰᠢᠨᠵᠢᠯᠡᠵᠦ ᠦᠵᠡᠶ᠎ᠡ᠃

ᠠ ︵1820︶ A
ᠳᠦᠷᠰᠦ ︵ᠨᠡᠷ᠎ᠡ︶ ᠶᠦᠨᠢᠺᠥᠳ᠋ 8 ᠶᠦᠨᠢᠺᠥᠳ᠋ 9 ᠵᠥᠪᠯᠡᠭᠡ ᠲᠠᠢᠯᠪᠤᠷᠢ
ᠠ᠊
︵ᠠᠴᠤᠭᠳᠤ ᠲᠢᠲᠢᠮ︶
1820~
initial (1)
ᠦᠭᠡ ᠶᠢᠨ ᠡᠬᠢᠨ ᠳᠦ ᠣᠷᠤᠬᠤ ᠳᠦᠷᠰᠦ
᠊ᠠ᠊
(ᠠᠴᠤᠭ)
~1820~
medial (1)
ᠦᠭᠡ ᠶᠢᠨ ᠳᠤᠮᠳᠠ ᠣᠷᠤᠬᠤ ᠳᠦᠷᠰᠦ
᠊ᠠ
(ᠣᠷᠬᠢᠴᠠ)
~1820
final (1)
ᠦᠭᠡ ᠶᠢᠨ ᠠᠳᠠᠭ ᠣᠷᠤᠬᠤ ᠳᠦᠷᠰᠦ

(ᠣᠭ ᠳᠦᠷᠰᠦ)
1820 180B
isolate (2)
1820 180B
isolate (2)
︽ᠡ︾ ᠳᠦᠷᠰᠦ ᠶᠢ ᠴᠠᠩᠭ᠎ᠠ ᠪᠠᠷ ᠣᠩᠰᠢᠬᠤ ᠦᠶ᠎ᠡ ᠬᠡᠷᠡᠭᠯᠡᠨ᠎ᠡ
ᠡ᠊
(ᠲᠢᠲᠢᠮ)
~1820 180C
medial (3)︖
~1820 180B
medial (2)
202F 1820~
1820 180B~
initial (1)
︽ᠡᠴᠠ︾ ᠳᠠᠭᠠᠪᠤᠷᠢ ᠶᠢᠨ ᠲᠢᠲᠢᠮ ᠦᠨ ᠬᠡᠰᠡᠭ
᠎ᠠ᠌
(ᠴᠠᠴᠤᠯᠭ᠎ᠠ)
~1820 180B
final (2)
~1820 180B
final (2)
180E 1820
final (2)
ᠦᠭᠡ ᠶᠢᠨ ᠠᠳᠠᠭ ᠰᠠᠯᠠᠭᠠᠵᠤ ᠪᠢᠴᠢᠭᠰᠡᠨ ᠳᠦᠷᠰᠦ
ᠡ᠊
(ᠲᠢᠲᠢᠮ)
~1820 180C~
medial (3)
᠊ᠠ᠌
(ᠤᠷᠤᠭ᠊
᠊ᠰᠢᠯᠠᠭ᠎ᠠ)
︽ᠪᠠ ᠺᠠ᠁︾ ᠵᠡᠷᠭᠡ ᠨᠡᠢᠯᠡᠮᠡᠯ ᠳᠦᠷᠰᠦ ᠶᠢᠨ ᠨᠢᠭᠡ ᠬᠡᠰᠡᠭ᠃
(ligature)
︽ᠪᠠ᠊ ᠂ ᠺᠠ᠊ ᠁︾ ᠵᠡᠷᠭᠡ ᠳᠦᠷᠰᠦ ᠶᠢᠨ ᠠᠴᠤᠭ ᠤᠨ ᠨᠢᠷᠤᠭᠤ ᠭᠡᠰᠡᠭ ᠢ ᠺᠣᠳ᠋ᠯᠠᠬᠤ ᠴᠢᠬᠤᠯᠠ ᠦᠭᠡᠢ ᠲᠠᠢ ᠠᠳᠠᠯᠢ᠂ ᠤᠷᠤᠭᠰᠢᠯᠠᠭ᠎ᠠ ᠳᠤ ᠺᠣᠳ᠋ ᠦᠭᠡᠢ᠃
᠊ᠠᠡ᠊
(ᠳᠠᠪᠬᠤᠷ ᠠᠴᠤᠭ)
~1820 180B
medial (2)
~1820 180C
medial (2)
ᠭᠦᠮᠦᠨ ᠦ ᠨᠡᠷ᠎ᠡ᠂ ᠭᠠᠵᠠᠷ ᠤᠨ ᠨᠡᠷ᠎ᠡ ᠳᠦ ᠬᠡᠷᠡᠭᠯᠡᠭᠳᠡᠨ᠎ᠡ᠃

ᠲᠢᠲᠢᠮ᠄ ᠮᠣᠩᠭᠣᠯ ᠪᠢᠴᠢᠭ ᠢ ᠨᠢᠷᠤᠭᠤ ᠬᠣᠯᠪᠤᠵᠤ ᠪᠢᠴᠢᠳᠡᠭ᠃ ᠨᠢᠭᠡ ᠡᠴᠡ ᠳᠡᠭᠡᠭᠰᠢ ᠠᠪᠢᠶ᠎ᠠ ᠪᠠᠷ ᠪᠢᠴᠢᠭᠳᠡᠭᠰᠡᠨ ᠦᠭᠡ ᠳᠦ᠂ ᠳᠡᠭᠡᠷ᠎ᠡ ᠲᠠᠯ᠎ᠠ ᠳᠤ ᠨᠢ ᠨᠢᠷᠤᠭᠤ ᠬᠣᠯᠪᠤᠭ᠎ᠠ ᠦᠭᠡᠢ ᠪᠣᠯ ᠦᠶᠡᠰ ᠲᠡᠷᠨ ᠨᠢᠭᠡᠴᠢ ᠶᠢ ᠡᠬᠢᠨ ᠦ ᠳᠦᠷᠰᠦ ᠭᠡᠨ᠎ᠡ᠃ ᠳᠣᠣᠷ᠎ᠠ ᠲᠠᠯ᠎ᠠ ᠳ᠋ᠤᠨᠢ ᠨᠢᠷᠤᠭᠤ ᠬᠣᠯᠪᠤᠭ᠎ᠠ ᠦᠭᠡᠢ ᠪᠣᠯ ᠲᠡᠷᠡ ᠨᠢᠭᠡᠴᠢ ᠶᠢ ᠠᠳᠠᠭ ᠤᠨ ᠳᠦᠷᠰᠦ ᠭᠡᠨ᠎ᠡ᠃ ᠳᠡᠭᠡᠷ᠎ᠡ᠂ ᠳᠣᠣᠷ᠎ᠠ ᠬᠣᠶᠠᠷ ᠲᠠᠯ᠎ᠠ ᠳᠤ ᠪᠠᠨ ᠨᠢᠷᠤᠭᠤ ᠬᠣᠯᠪᠤᠵᠤ ᠪᠠᠢᠪᠠᠯ᠂ ᠲᠡᠷᠡ ᠨᠢᠭᠡᠴᠢ ᠶᠢ ᠳᠣᠮᠳᠠ ᠣᠷᠤᠬᠤ ᠳᠦᠷᠰᠦ ᠭᠡᠨ᠎ᠡ᠃ ︵ᠨᠢᠭᠡᠴᠢ ᠭᠡᠳᠡᠭ ᠨᠢ ᠦᠶ᠎ᠡ ᠪᠤᠶᠤ ᠠᠪᠢᠶ᠎ᠠ ᠶᠢ ᠵᠢᠭᠠᠨ᠎ᠠ︶ ᠡᠢᠮᠦ ᠡᠴᠡ ᠲᠢᠲᠢᠮ ᠪᠣᠯ ᠡᠬᠢᠨ ᠦ ᠳᠦᠷᠰᠦ ᠶᠤᠮ ᠡ᠃

ᠴᠠᠴᠤᠯᠭ᠎ᠠ᠄ ᠵᠥᠪᠬᠡᠨ MVS-in ᠳᠠᠷᠠᠭ᠎ᠠ ︵᠊ᠬ᠋᠂ ᠊ᠭ᠌᠂ ᠊ᠨ᠋᠂ ᠊ᠷ ᠁ ᠳᠠᠷᠠᠭ᠎ᠠ︶ ᠢᠯᠡᠷᠡᠬᠦ ᠲᠤᠯᠠ ᠪᠣᠳᠠᠳᠤ ᠪᠠᠢᠳᠠᠯ ᠳᠤ ᠳᠦᠷᠰᠦ ᠰᠣᠩᠭᠣᠬᠤ ᠳᠡᠮᠳᠡᠭ ︵FVS︶ ᠡᠨᠳᠡ ᠬᠡᠷᠡᠭᠯᠡᠭᠳᠡᠬᠦ ᠪᠣᠯᠣᠮᠵᠢ ᠦᠭᠡᠢ᠃

ᠳᠠᠪᠬᠤᠷ ᠠᠴᠤᠭ᠄ ︽ᠥ᠌ OE ᠂ ᠦ᠌ UE︾ ᠳᠤ ᠬᠠᠷᠠᠭᠠᠯᠵᠠᠭᠰᠠᠨ ᠳᠦᠷᠰᠦ ᠨᠢ ︽᠊ᠥ᠌᠊ OE ᠂ ᠊ᠦ᠌᠊ UE︾ ᠳᠣᠮᠲᠠ ᠣᠷᠤᠬᠤ ᠭᠤᠷᠪᠠᠳᠤᠭᠠᠷ ᠳᠦᠷᠰᠦ ᠪᠣᠯᠬᠤᠷ FVS2 (180C) ᠬᠡᠷᠡᠭᠯᠡᠵᠦ ᠳᠦᠷᠰᠦ ᠰᠣᠩᠭᠣᠬᠤ ᠴᠢᠬᠤᠯᠠ ᠲᠠᠢ᠃ ᠪᠠᠰᠠ ᠡᠨᠡ ᠢᠵᠢ ᠳᠦᠷᠰᠦ ᠶᠢᠨ ᠬᠡᠷᠡᠭᠯᠡᠬᠦ ᠠᠷᠭ᠎ᠠ ᠶᠢ ᠨᠢᠭᠡᠳᠬᠡᠪᠡᠯ ᠬᠡᠷᠡᠭᠯᠡᠭᠴᠢ ᠳᠦ ᠮᠠᠰᠢ ᠶᠡᠬᠡ ᠲᠥᠬᠥᠮ ᠢ ᠦᠵᠡᠭᠦᠯᠬᠦ ᠪᠣᠯᠤᠨ᠎ᠠ᠃ ᠡᠢᠮᠦ ᠡᠴᠡ ᠡᠨᠡ ᠳᠦᠷᠰᠦ ᠶᠢ ᠶᠢᠨ FVS2 (180C) ᠭᠡᠷᠡᠭᠯᠡᠵᠦ ᠢᠯᠡᠷᠡᠭᠦᠯᠪᠡᠯ ᠮᠠᠰᠢ ᠲᠣᠬᠢᠷᠠᠮᠵᠢ ᠲᠠᠢ᠃ ᠪᠠᠰᠠ ᠡᠨᠡ ᠳᠦᠷᠰᠦ ᠶᠢ UNICODE9 ᠬᠠᠰᠤᠬᠤ ᠨᠢ ᠶᠣᠰᠣᠨ ᠳᠤ ᠨᠡᠢᠴᠡᠬᠦ ᠦᠭᠡᠢ᠃

ᠢ ︵1822︶ i
ᠳᠦᠷᠰᠦ
(ᠨᠡᠷ᠎ᠡ)
ᠶᠦᠨᠢᠺᠥᠳ᠋ 8 ᠶᠦᠨᠢᠺᠥᠳ᠋ 9 ᠵᠥᠪᠯᠡᠭᠡ ᠲᠠᠢᠯᠪᠤᠷᠢ
ᠢ᠊
( ᠲᠢᠲᠢᠮ ᠰᠢᠯᠪᠢ)
1822~
initial ︵1︶
ᠦᠭᠡ ᠶᠢᠨ ᠡᠬᠢᠨ ᠳᠦ ᠣᠷᠤᠬᠤ ᠳᠦᠷᠰᠦ
᠊ᠢ᠊
(ᠰᠢᠯᠪᠢ)
~1822~
medial (1)
ᠦᠭᠡ ᠶᠢᠨ ᠳᠤᠮᠳᠠ ᠣᠷᠤᠬᠤ ᠳᠦᠷᠰᠦ
᠊ᠢ
(ᠬᠢᠮᠦᠰᠦ)
~1822
final ︵1︶
ᠦᠭᠡ ᠶᠢᠨ ᠠᠳᠠᠭ ᠣᠷᠤᠬᠤ ᠳᠦᠷᠰᠦ
᠊ᠢ᠋᠊
(ᠬᠣᠣᠰ ᠰᠢᠯᠪᠢ)
~1822~
medial ︵2︶
ᠦᠭᠡ ᠶᠢᠨ ᠳᠣᠮᠳᠠ ᠡᠭᠡᠰᠢᠭ ᠠᠷᠤ ᠳᠤ ᠣᠷᠤᠬᠤ ᠦᠶᠡᠰ ᠦᠨ ᠳᠦᠷᠰᠦ
᠍᠊ᠠ᠊ᠢ᠊
(ᠠᠴᠤᠭ ᠰᠢᠯᠪᠢ)
~1820 180B~
medial ︵2︶
~1820 180B~
medial ︵2︶
~1820 180C~
medial ︵3︶
ᠭᠦᠮᠦᠨ ᠦ ᠨᠡᠷ᠎ᠡ᠂ ᠭᠠᠵᠠᠷ ᠤᠨ ᠨᠡᠷ᠎ᠡ ᠳᠦ ᠬᠡᠷᠡᠭᠯᠡᠭᠳᠡᠨ᠎ᠡ᠃

ᠬᠣᠣᠰ ᠰᠢᠯᠪᠢ᠄ ᠭᠡᠷᠪᠡ ᠮᠣᠩᠭᠣᠯ ᠬᠡᠯᠡᠨ ᠳᠦ ᠬᠣᠣᠰ ᠡᠭᠡᠰᠢᠭ ᠦᠭᠡᠢ ᠪᠣᠯ ᠡᠭᠡᠰᠢᠭ ᠢ ᠳᠦ ᠡᠨᠡ ᠳᠦᠷᠰᠦ ᠴᠤ ᠪᠠᠢᠬᠤ ᠶᠣᠰᠣ ᠦᠭᠡᠢ᠃ ᠬᠡᠪᠡᠴᠦ ᠬᠣᠣᠰ ᠡᠭᠡᠰᠢᠭ ᠪᠠᠢᠬᠤ ᠡᠰᠡᠬᠦ ᠪᠠᠰᠠ ᠮᠠᠷᠭᠤᠭᠠᠨ ᠲᠠᠢ ᠪᠣᠯᠬᠤᠷ ᠡᠨᠡ ᠳᠦᠷᠰᠦ ᠶᠢ ᠨᠡᠮᠡᠪᠡᠯ ᠵᠦᠢᠲᠠᠢ ᠭᠡᠵᠦ ᠦᠵᠡᠨ᠎ᠡ᠃ ᠶᠣᠰᠣ ᠨᠢ ᠶᠠᠯ᠎ᠠ ᠭᠢᠭᠰᠡᠨ ᠰᠡᠵᠢᠭᠲᠦ ᠬᠥᠮᠦᠨ ᠢ ᠶᠠᠯ᠎ᠠ ᠦᠭᠡᠢ ᠭᠡᠵᠦ ᠦᠵᠡᠭᠡᠳ ᠰᠢᠭᠦᠳᠡᠭ ᠲᠠᠢ ᠠᠲᠠᠯᠢ᠃ ᠵᠥᠪ ᠪᠤᠷᠤᠭᠤ ᠶᠢ ᠨᠢ ᠢᠯᠭᠠᠬᠤ ᠠᠴᠠ ᠡᠮᠦᠨ᠎ᠡ ᠪᠤᠷᠤᠭᠤ ᠭᠡᠵᠦ ᠬᠠᠰᠤᠬᠤ ᠨᠢ ᠨᠡᠩ ᠲᠣᠮᠤ ᠪᠤᠷᠤᠭᠤ ᠶᠤᠮ ᠡ᠃ ᠳᠦᠷᠢᠮ ᠳᠣᠭᠲᠠᠭᠠᠬᠤ ᠶᠠᠪᠤᠴᠠ ᠳᠤ ᠥᠪᠡᠷ ᠦᠨ ᠪᠠᠢᠷᠢ ᠪᠠᠨ ᠠᠰᠢᠭᠯᠠᠨ᠂ ᠥᠪᠡᠷ ᠦᠨ ᠰᠡᠨᠡᠯ ᠳᠦ ᠪᠡᠨ ᠰᠠᠨᠠᠯ ᠨᠢᠭᠡ ᠦᠵᠡᠯᠲᠡ ᠶᠢ ᠳᠡᠮᠵᠢᠵᠦ᠂ ᠪᠤᠰᠤᠳ ᠰᠠᠨᠠᠯ ᠢ ᠳᠠᠷᠤᠬᠤ ᠨᠢ ᠠᠮᠢ ᠪᠡᠶ᠎ᠡ ᠪᠡᠨ ᠪᠣᠳᠤᠭᠰᠠᠨ ᠲᠠᠢ ᠢᠯᠭᠠᠭ᠎ᠠ ᠦᠭᠡᠢ ᠤᠴᠢᠷ ᠪᠣᠯᠣᠨ᠎ᠠ᠃ ᠬᠡᠭᠡᠯᠢ ᠬᠠᠬᠤᠯᠢ ᠢᠳᠡᠭᠡᠳ ᠣᠯᠠᠨ ᠤ ᠠᠰᠢᠭ ᠢ ᠬᠣᠬᠢᠷᠠᠭᠤᠯᠤᠭᠰᠠᠨ ᠲᠠᠢ ᠦᠵᠡᠭᠳᠡᠯ ᠲᠠᠢ᠂ ᠬᠡᠭᠡᠯᠢ ᠲᠦᠯᠬᠢᠭᠰᠡᠨ ᠪᠠ ᠢᠳᠡᠭᠰᠡᠨ ᠪᠦᠷ ᠨᠢᠭᠡ ᠬᠥᠮᠦᠨ ᠪᠣᠯᠬᠤ ᠠᠴᠠ ᠥᠭᠡᠷ᠎ᠡ ᠮᠥᠨ ᠴᠢᠨᠠᠷ ᠤᠨ ᠢᠯᠭᠠᠭ᠎ᠠ ᠦᠭᠡᠢ ᠪᠢᠰᠢᠦ᠃

ᠬᠣᠣᠰ ᠡᠭᠡᠰᠢᠭ ᠲᠠᠢ ᠭᠡᠬᠦ ᠲᠠᠯ᠎ᠠ᠂ ᠦᠭᠡᠢ ᠭᠡᠬᠦ ᠲᠠᠯ᠎ᠠ ᠬᠡᠨ ᠨᠢ ᠳᠦᠷᠢᠮ ᠳᠣᠭᠲᠠᠭᠠᠭᠰᠠᠨ ᠴᠤ ᠬᠣᠶᠠᠷ ᠵᠦᠢᠯ ᠦᠨ ᠦᠵᠡᠯᠲᠡ ᠶᠢ ᠪᠦᠷ ᠳᠦᠷᠰᠦ ᠬᠤᠪᠢᠷᠠᠬᠤ ᠶᠣᠰᠣᠨ ᠣᠷᠤᠭᠤᠯᠪᠠᠯ ᠲᠠᠭᠠᠷᠠᠨ᠎ᠠ᠃ ᠵᠥᠪᠭᠡᠨ ᠢᠩᠭᠡᠪᠡᠯ ᠮᠣᠩᠭᠣᠯ ᠪᠢᠴᠢᠭ ᠲᠦ ᠬᠠᠮᠤᠭ ᠤᠨ ᠠᠰᠢᠭ ᠲᠠᠢ᠃

ᠠᠴᠤᠭ ᠰᠢᠯᠪᠢ᠄ ᠠ ᠶᠢᠨ ᠳᠠᠪᠬᠤᠷ ᠠᠴᠤᠭ ᠲᠠᠢ ᠠᠳᠠᠯᠢ ᠶᠣᠰᠣ ᠪᠠᠷ ᠡᠨᠳᠡ 180C ᠬᠡᠷᠡᠭᠯᠡᠵᠦ ᠳᠦᠷᠰᠦ ᠰᠣᠩᠭᠣᠬᠤ ᠵᠦᠢᠲᠠᠢ᠃

ᠵᠢᠷᠭᠤᠭ᠎ᠠ᠂ ᠳ᠋ᠦᠩᠨᠡᠯᠲᠡ

ᠳᠡᠭᠡᠷᠡᠬᠢ ᠭᠡᠳᠦᠨ ᠲᠠᠯ᠎ᠠ ᠠᠴᠠ ᠶᠦᠨᠢᠺᠥᠳ᠋ ᠢ ᠬᠠᠷᠠᠪᠠᠯ᠂ ᠣᠳᠣ ︵᠒᠐᠑᠖ ᠣᠨ︶ ᠮᠣᠩᠭᠣᠯ ᠪᠢᠴᠢᠭ ᠦᠨ ᠶᠦᠨᠢᠺᠥᠳ᠋ ᠢ ᠥᠷᠭᠡᠨ ᠬᠡᠷᠡᠭᠯᠡᠬᠦ ᠪᠣᠯᠣᠮᠵᠢ ᠲᠠᠢ ᠪᠣᠯᠪᠠ᠃ ᠰᠠᠭᠤᠷᠢ ᠰᠢᠰᠲᠧᠮ ᠳᠡᠮᠵᠢᠬᠦ ᠪᠣᠯᠣᠭᠰᠠᠨ᠂ ᠹᠣᠨᠲ ᠭᠡᠳᠡᠭ ᠺᠣᠮᠫᠠᠨᠢ ᠵᠢᠴᠢ ᠬᠤᠪᠢ ᠬᠥᠮᠦᠨ ᠴᠤ ᠣᠯᠠᠨ ᠪᠠᠢᠭ᠎ᠠ᠃ ᠭᠠᠭᠴᠠ ᠨᠢᠭᠡᠨ ᠰᠠᠭᠠᠳ ︽ᠳᠦᠷᠰᠦ ᠬᠤᠪᠢᠷᠠᠬᠤ ᠶᠣᠰᠣ︾ ᠯᠡ ᠦᠯᠡᠳᠡᠵᠡᠢ᠃ ᠡᠨᠡ ᠳᠦᠷᠢᠮ ᠰᠠᠭᠠᠳ ᠭᠢᠵᠦ ᠪᠠᠢᠭ᠎ᠠ ᠨᠢ ᠵᠥᠪᠬᠡᠨ ᠴᠥᠭᠡᠬᠡᠨ ᠲᠣᠭᠠᠨ ᠤ ᠬᠥᠮᠦᠰ ᠪᠣᠯᠣᠭᠠᠳ ᠪᠠᠢᠨ᠎ᠠ᠃ ᠡᠳᠡᠭᠡᠷ ᠡᠷᠳᠡᠮᠲᠡᠳ ᠢ ᠬᠦᠰᠡᠬᠦ ᠨᠢ᠄︽ᠦᠨᠳᠦᠰᠦᠨ ᠪᠢᠴᠢᠭ ᠡᠬᠡ ᠬᠡᠯᠡ ᠪᠡᠨ ᠪᠣᠳᠤᠨ᠂ ᠳᠠᠬᠢᠨ ᠳᠠᠬᠢᠨ ᠰᠡᠳᠬᠢᠵᠦ᠂ ᠡᠨᠡ ᠠᠰᠠᠭᠤᠳᠠᠯ ᠳᠤ ᠰᠢᠨᠵᠢᠯᠡᠬᠦ ᠤᠬᠠᠭᠠᠨᠴᠢ ᠣᠪᠤᠷ ᠠᠪᠬᠤ ᠶᠢ ᠬᠦᠰᠡᠶ᠎ᠡ᠃ ᠥᠩᠭᠡᠷᠡᠭᠰᠡᠨ ᠳᠦ ᠪᠤᠷᠤᠭᠤ ᠲᠠᠢ ᠨᠢ ᠠᠰᠠᠭᠤᠳᠠᠯ ᠪᠢᠰᠢ ᠬᠠᠷᠢᠨ ᠪᠤᠷᠤᠭᠤ ᠪᠠᠨ ᠦᠭᠦᠳᠡᠯ᠎ᠡ ᠳᠦ ᠪᠡᠨ ᠪᠠᠷᠢᠮᠲᠠᠯᠠᠪᠠᠯ ᠨᠡᠭᠦᠯ ᠪᠢᠰᠢᠦ︾᠅

5 thoughts on “ᠮᠣᠩᠭᠣᠯ ᠶᠦᠨᠢᠺᠥᠳ᠋ ᠦᠨ ᠰᠢᠭᠦᠮᠵᠢ”

  1. ᠮᠤᠩᠭᠤᠯ ᠬᠡᠯᠡᠨ ᠳᠤ ᠶᠡᠷᠢᠢ᠎ᠡ ᠪᠤᠯᠤᠨ ᠪᠢᠴᠢᠭ ᠭᠡᠵᠤ ᠬᠤᠶᠠᠷ ᠲᠦᠷᠦᠯ ᠪᠠᠢᠳᠠᠭ᠂ ᠮᠦᠨ ᠴᠤ ᠡᠨᠡ ᠬᠦ ᠠᠩᠬᠢᠯᠠᠯ ᠤᠨ ᠳᠠᠭᠠᠤ ᠵᠦᠪ ᠳᠠᠭᠤᠳᠠᠬᠤ ᠶᠤᠰᠤ ᠪᠤᠯᠤᠨ ᠵᠦᠪ ᠪᠢᠴᠢᠬᠦ ᠶᠤᠰᠤᠨ ᠭᠡᠵᠤ ᠪᠤᠢ᠂ ᠡᠢᠮᠤ ᠡᠴᠡ ᠮᠤᠩᠭᠤᠯ ᠪᠢᠴᠢᠭ ᠲᠤ ᠬᠤᠤᠰ ᠡᠭᠡᠰᠢᠭ ᠭᠡᠳᠡᠭ ᠦᠵᠡᠭᠳᠡᠯ ᠠᠯᠠᠭ᠎ᠠ᠂ ᠬᠠᠷᠢᠨ ᠬᠠᠷᠢ ᠬᠡᠯᠡ ᠶᠢ ᠮᠤᠩᠭᠤᠯ ᠪᠢᠴᠢᠭ ᠵᠢᠨᠷ ᠲᠡᠮᠳᠡᠭᠯᠡᠬᠦ ᠦᠶᠡᠰ ᠬᠤᠤᠰ ᠡᠭᠡᠰᠢᠭ ᠲᠤᠬᠢᠶᠯᠠᠳᠤᠳᠠᠭ᠃
    ᠺᠢᠷᠢᠯ ᠪᠢᠴᠢᠭ ᠪᠤᠯ ᠬᠠᠯᠬ᠎ᠠ ᠠᠶᠠᠯᠭᠤᠨ ᠤ ᠰᠠᠭᠤᠷᠢᠨ ᠳᠡᠭᠡᠷ᠎ᠡ ᠪᠢᠴᠢᠭᠳᠡᠳᠡᠭ᠂ ᠲᠡᠭᠦᠨ ᠳᠤ ᠬᠤᠤᠰ ᠡᠭᠡᠰᠢᠭ ᠪᠠᠢᠳᠠᠭ ᠡᠴᠡ ᠤᠯᠠᠮᠵᠢᠯᠠᠯᠳᠤ ᠮᠤᠩᠭᠤᠯ ᠪᠢᠴᠢᠭ ᠲᠤ ᠬᠤᠤᠰ ᠡᠭᠡᠰᠢᠭ ᠲᠠᠢ ᠭᠡᠵᠤ ᠦᠵᠡᠬᠦ ᠦᠨᠳᠦᠰᠦᠯᠡᠯ ᠪᠤᠯ ᠲᠠᠰ ᠪᠤᠷᠤᠭᠤ ᠵᠦᠢᠯ ᠪᠤᠯᠤᠨ᠎ᠠ᠃ ᠵᠦᠪᠭᠡᠨ ᠠᠶᠠᠯᠭᠤᠨ  ᠤ ᠲᠠᠯ᠎ᠠ ᠡᠴᠡ ᠪᠢᠰᠢ᠂ ᠬᠠᠷᠢᠨ ᠮᠤᠩᠭᠤᠯ ᠬᠡᠯᠡ ᠭᠡᠳᠡᠭ ᠨᠢᠭᠡ ᠴᠤᠭᠴᠠ ᠡᠴᠡ ᠦᠵᠡᠪᠡᠯ᠂ ᠺᠢᠷᠢᠯ ᠪᠢᠴᠢᠭ ᠪᠤᠯᠤᠨ ᠤᠯᠠᠮᠵᠢᠯᠯᠠᠳᠤ ᠮᠤᠩᠭᠤᠯ ᠪᠢᠴᠢᠭ ᠭᠡᠳᠡᠭ ᠨᠢ ᠠᠳᠠᠯᠢ ᠨᠢᠭᠡ ᠮᠤᠩᠭᠤᠯ ᠬᠡᠯᠡ ᠶᠢ ᠠᠳᠠᠯᠢ ᠪᠤᠰᠤ ᠦᠰᠦᠭ ᠤᠨ ᠰᠢᠰᠲ᠋ᠸᠮ ᠵᠢᠨᠷ ᠪᠢᠴᠢᠳᠡᠭ ᠪᠤᠯᠬᠤᠷ᠂ ᠲᠡᠭᠦᠨ ᠳᠤ ᠲᠤᠰ ᠪᠦᠷᠢ ᠵᠢᠨ ᠬᠢᠨᠢ ᠵᠦᠪ ᠪᠢᠴᠢᠬᠦ ᠶᠤᠰᠤ ᠭᠡᠵᠤ ᠪᠠᠢᠳᠠᠭ᠃ ᠡᠢᠮᠦ ᠡᠴᠡ ᠲᠤᠰ ᠰᠢᠭᠦᠮᠵᠢ ᠵᠢ ᠪᠢᠴᠢᠭᠰᠡᠨ ᠡᠷᠬᠢᠮ ᠲᠠᠨ ᠳᠤ ᠨᠡᠢᠳᠡᠬᠦ ᠨᠢ ᠤᠯᠠᠮᠵᠢᠯᠠᠯᠳᠤ ᠮᠤᠩᠭᠤᠯ ᠪᠢᠴᠢᠭ ᠤᠨ ᠡᠷᠳᠡᠨ ᠤ ᠲᠤᠷᠠᠰᠬᠠᠯ ᠪᠢᠴᠢᠭ᠂ ᠬᠡᠯᠡᠨ ᠤ ᠵᠦᠢ ᠵᠡᠷᠭᠡ ᠨᠤᠮ ᠰᠤᠳᠤᠷ ᠢ ᠯᠠᠪᠯᠠᠵᠤ ᠦᠵᠡᠬᠦ ᠵᠢ ᠬᠦᠰᠡᠵᠦ ᠪᠠᠢᠨ᠎ᠠ᠂ ᠶᠠᠳᠠᠵᠤ ᠳᠠᠨᠵᠢᠨᠳᠠᠭᠪᠠ ᠵᠢᠨ《ᠤᠭᠳᠠᠷᠭᠤᠢ ᠵᠢᠨ ᠮᠠᠨᠢ》᠂ ᠠᠭᠸᠠᠨᠳᠠᠨᠳᠠᠷ  ᠤᠨ 《 ᠬᠡᠯᠡᠨ  ᠤ ᠴᠢᠮᠡᠭ》   ᠢ ᠨᠠᠷᠢᠪᠴᠢᠯᠠᠨ ᠦᠵᠡᠵᠤ ᠪᠤᠯᠤᠨ᠎ᠠ᠃

  2. ᠡᠨᠡ ᠨᠢᠭᠡ ᠯᠡ ᠤᠴᠢᠷ ᠡᠴᠡ ᠪᠣᠯᠵᠤ ᠰᠠᠭᠠᠲᠠᠯ ᠪᠣᠯᠵᠤ ᠪᠠᠢᠪᠠᠯ᠂ ᠶᠠᠭᠤᠨ ᠳᠤ ᠬᠤᠷᠳᠤᠨ ᠶᠠᠷᠢᠯᠴᠠᠵᠤ ᠪᠠᠢᠭᠠᠳ ᠲᠦᠷᠢᠮ ᠢ ᠨᠢ ᠨᠢᠭᠡᠳᠭᠡᠴᠢᠬᠡᠬᠦ ᠦᠭᠡᠢ ᠪᠣᠢ︖ ᠶᠠᠭᠤᠨ ᠳᠤ ᠴᠠᠭ ᠢ ᠢᠩᠭᠢᠭᠡᠳ ᠦᠩᠭᠡᠷᠡᠭᠡᠭᠡᠳ ᠪᠠᠢᠬᠤ ᠪᠣᠢ︖ ᠬᠤᠷᠳᠤᠯᠠ ᠳ᠋ᠠ᠂ ᠮᠣᠩᠭᠤᠯᠴᠤᠳ ᠴᠢᠨᠢ ᠪᠠᠰᠠ ᠳᠡᠯᠡᠬᠡᠢ ᠢᠢᠨ ᠡᠯ᠎ᠡ ᠦᠨᠳᠦᠰᠦᠲᠡᠨ ᠨᠦᠭᠦᠳ ᠲᠡᠢ ᠮᠦᠷᠦ ᠵᠡᠷᠭᠡᠴᠡᠨ ᠶᠠᠪᠤᠬᠤ ᠬᠦᠰᠡᠯ ᠲᠠᠢ ᠰᠢᠦ︕ ᠡᠷᠳᠡᠮᠲᠡᠨ ᠤᠳ ᠮᠢᠨᠢ ᠦᠨᠳᠦᠰᠦᠲᠡᠨ ᠢᠢᠡᠨ ᠪᠣᠳᠤ ᠯᠠ ᠳ᠋ᠠ︕

ᠬᠠᠷᠢᠭᠤᠯᠲᠠ ᠦᠯᠡᠳᠡᠬᠡᠬᠦ

ᠲᠠᠨ ᠤ ᠮᠠᠢᠯ ᠢ ᠨᠡᠢᠲᠡᠯᠡᠬᠦ ᠦᠭᠡᠢ᠃ * ᠪᠠᠢᠭ᠎ᠠ ᠬᠡᠰᠡᠭ ᠪᠣᠯ ᠱᠠᠭᠠᠷᠳᠠᠭᠳᠠᠨ᠎ᠠ᠃