ᠮᠣᠩᠭᠣᠯ ᠪᠢᠴᠢᠭ ᠡᠭᠦᠯᠡᠨ ᠰᠣᠹᠲ

ᠮᠣᠩᠭᠣᠯ ᠪᠢᠴᠢᠭ ᠢᠶᠡᠨ ᠬᠠᠢᠷᠠᠯᠠᠵᠤ᠂ ᠮᠣᠩᠭᠣᠯ ᠬᠡᠯᠡ᠂ ᠮᠣᠩᠭᠣᠯ ᠪᠢᠴᠢᠭ ᠦᠨ ᠬᠥᠭᠵᠢᠯᠲᠡ ᠳᠦ ᠬᠤᠪᠢ ᠨᠡᠮᠡᠷᠢ ᠦᠵᠡᠭᠦᠯᠬᠦ ᠨᠢ ︽ᠮᠣᠩᠭᠣᠯ ᠪᠢᠴᠢᠭ ᠡᠭᠦᠯᠡᠨ ᠰᠣᠹᠲ ᠢ︾ ᠡᠬᠢᠯᠡᠭᠦᠯᠦᠭᠰᠡᠨ ᠵᠣᠷᠢᠯᠭ᠎ᠠ ᠪᠠ ᠬᠠᠷᠠᠯᠲᠠ ᠶᠤᠮ᠃

ᠥᠩᠭᠡᠷᠡᠭᠰᠡᠨ ᠳᠦ ᠪᠢᠳᠡ ᠮᠣᠩᠭᠣᠯ ᠰᠠᠢᠲ ᠬᠢᠬᠦ ᠦᠶᠡᠰ᠂ ᠮᠥᠩᠬᠡ ᠭᠠᠯ ᠤᠨ ᠲᠢᠭ ︵ᠹᠣᠨᠲ︶ ᠪᠣᠯᠤᠨ ᠮᠧᠺᠷᠤᠰᠣᠹᠲ ᠤᠨ IE ᠬᠡᠷᠡᠭᠯᠡᠬᠦ ᠨᠢ ᠭᠣᠣᠯᠲᠠᠢ ᠪᠠᠢᠯ᠎ᠠ᠃ ᠪᠠᠷᠢᠮᠵᠢᠶ᠎ᠠ ᠺᠣᠳ᠋ ᠢ ᠲᠦᠭᠡᠮᠡᠯᠵᠢᠭᠦᠯᠬᠦ ᠪᠣᠯᠤᠨ ᠬᠥᠲᠥᠴᠢ ᠶᠢᠨ ᠪᠠᠷᠢᠮᠵᠢᠶᠠᠨ ᠤ ᠬᠥᠭᠵᠢᠯᠲᠡ ᠶᠢ ᠳᠠᠭᠠᠨ ᠡᠨᠡ ᠬᠦ ᠪᠠᠢᠳᠠᠯ ᠴᠤ ᠲᠡᠦᠬᠡ ᠪᠠᠢᠬᠤ ᠨᠢ ᠵᠠᠢᠯᠠᠰᠢ ᠦᠭᠡᠢ᠃ ᠶᠠᠭ ᠡᠨᠡ ᠰᠢᠨ᠎ᠡ ᠬᠠᠭᠤᠴᠢᠨ ᠰᠣᠯᠢᠭᠳᠠᠬᠤ ᠴᠠᠭ ᠦᠶ᠎ᠡ ᠶᠢᠨ ᠱᠠᠭᠠᠷᠳᠠᠯᠭ᠎ᠠ ᠪᠠᠷ ᠮᠠᠨ ᠰᠠᠢᠲ ᠹᠣᠨᠲ ︵ᠦᠰᠦᠭ ᠦᠨ ᠲᠢᠭ︶᠂ ᠦᠰᠦᠭ ᠰᠢᠪᠡᠭᠴᠢ᠂ ᠪᠣᠰᠣᠭ᠎ᠠ ᠬᠡᠪ ᠢ (HTML5) ᠦᠷᠭᠡᠨ ᠤᠯᠠᠨ ᠰᠦᠯᠵᠢᠶᠠᠨ ᠤ ᠮᠡᠷᠭᠡᠵᠢᠯᠲᠡᠨ ᠪᠣᠯᠭᠠᠨ ᠬᠡᠷᠡᠭᠯᠡᠭᠴᠢᠳ ᠲᠦ ᠪᠡᠨ ᠳᠡᠪᠰᠢᠭᠦᠯᠦᠯ᠎ᠡ᠃

ᠬᠥᠮᠦᠰ ᠲᠤᠰ ᠰᠠᠢᠲ ᠤᠨ ᠦᠢᠯᠡᠴᠢᠯᠡᠭᠡ ᠶᠢ ᠠᠰᠢᠭᠯᠠᠨᠪᠠᠯ᠂ ᠨᠡᠩ ᠲᠦᠷᠭᠡᠨ᠂ ᠮᠠᠰᠢ ᠬᠢᠮᠳᠠ᠂ ᠤᠯᠠᠮ ᠴᠢᠨᠠᠷᠯᠢᠭ ᠮᠣᠩᠭᠣᠯ ᠰᠣᠹᠲ ᠦᠢᠯᠡᠳᠬᠦ ᠪᠣᠯᠤᠨ᠎ᠠ ᠭᠡᠵᠦ ᠪᠢ ᠬᠦᠰᠡᠵᠦ ᠪᠠᠢᠨ᠎ᠠ᠂ ᠪᠠᠰᠠ ᠴᠤ ᠢᠲᠡᠭᠡᠵᠦ ᠪᠠᠢᠨ᠎ᠠ᠃ ᠴᠢᠨᠠᠭᠰᠢ ᠰᠠᠢᠨ ᠮᠥᠴᠡᠯᠭᠡ ᠪᠣᠯᠵᠤ᠂ ᠨᠠᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠵᠦ᠂ ᠨᠡᠩ ᠣᠯᠠᠨ ᠮᠣᠩᠭᠣᠯ ᠰᠠᠢᠲ᠂ ᠮᠣᠩᠭᠣᠯ ᠰᠣᠹᠲ ᠢᠯᠡᠷᠡᠭᠰᠡᠨ ᠡᠴᠡ ᠤᠯᠠᠮ ᠰᠠᠢᠨ ᠮᠡᠷᠭᠡᠵᠢᠯ ᠦᠳ ᠢᠯᠡᠷᠡᠬᠦ ᠶᠤᠮ ᠭᠡᠵᠦ ᠪᠣᠳᠤᠵᠤ ᠪᠠᠢᠨ᠎ᠠ᠃ ᠬᠡᠷᠪᠡ ᠲᠡᠢᠮᠦ ᠪᠣᠯᠬᠤ ᠳᠤ ᠬᠦᠷᠪᠡᠯ᠂ ᠬᠡᠷᠡᠭᠯᠡᠭᠴᠢ ᠪᠦᠬᠦᠨ ᠳᠦ ᠠᠰᠢᠭ ᠲᠠᠢ ᠪᠢᠰᠢ ᠤᠤ᠃ Continue reading ︽ᠮᠣᠩᠭᠣᠯ ᠪᠢᠴᠢᠭ ᠡᠭᠦᠯᠡᠨ ᠰᠣᠹᠲ︾